ᠤᠯᠠᠭᠠᠨᠳᠠᠪᠠᠭ᠎ᠠ ᠰᠤᠷᠭᠠᠭᠤᠯᠢ ᠮᠢᠨᠢ -ᠤᠯᠠᠭᠠᠨᠬᠠᠳᠠ ᠬᠣᠲᠠ ᠶᠢᠨ ᠪᠠᠭᠠᠷᠢᠨ ᠵᠡᠭᠦᠨ ᠬᠣᠰᠢᠭᠤᠨ ᠤ ᠤᠯᠠᠭᠠᠨᠳᠠᠪᠠᠭ᠎ᠠ ᠮᠣᠩᠭᠣᠯ ᠰᠤᠷᠭᠠᠭᠤᠯᠢ ᠶᠢᠨ ᠳᠠᠭᠤᠤ
ᠤᠯᠠᠭᠠᠨᠳᠠᠪᠠᠭ᠎ᠠ
ᠰᠤᠷᠭᠠᠭᠤᠯᠢ ᠮᠢᠨᠢ
ᠦᠭᠡ ᠄ ᠴᠢᠶᠥ᠋ᠩ ᠶᠠᠨ ᠂ ᠨᠣ᠋ ᠴᠢᠯᠠᠭᠤᠨᠪᠠᠭᠠᠨ᠎ᠠ
ᠠᠶ᠎ᠠ ᠄
ᠣᠷᠡᠨᠬᠦᠤ
ᠳᠠᠭᠤᠯᠠᠭᠰᠠᠨ ᠨᠢ ᠄ ᠤᠯᠠᠭᠠᠨᠳᠠᠪᠠᠭ᠎ᠠ ᠰᠤᠷᠭᠠᠭᠤᠯᠢ ᠶ᠋ᠢᠨ ᠰᠤᠷᠤᠭᠴᠢ
ᠴᠣᠯᠭᠣᠷᠠ ᠂ ᠴᠣᠭᠮᠠᠨᠳᠠ ᠂ ᠬᠠᠨᠤᠮᠵᠢ ᠂ ᠳᠥᠯᠭᠡᠨ
ᠵᠢᠯᠣᠭᠣᠳᠤᠭᠰᠠᠨ ᠪᠠᠭᠰᠢ ᠄ ᠣᠷᠡᠨᠬᠦᠤ ᠂ ᠢᠦᠢ ᠶᠢᠩ
ᠴᠡᠴᠡᠨ ᠲᠤᠩᠭᠠᠯᠠᠭ ᠤᠬᠠᠭᠠᠨ ᠲᠠᠢ
ᠪᠣᠯᠬᠤ ᠭᠡᠵᠦ
ᠰᠡᠴᠡᠳ ᠦᠨ
ᠪᠣᠱᠣᠭ᠎ᠠ ᠶ᠋ᠢ ᠠᠯᠬᠤᠭᠰᠠᠨ ᠪᠢᠯᠡ
ᠦᠰᠦᠭ
ᠨᠢᠳᠦᠯᠡᠵᠦ ᠬᠠᠷᠠᠭ᠎ᠠ ᠲᠡᠯᠡᠬᠦ ᠶ᠋ᠢᠨ
ᠦᠤᠷ ᠤᠨ
ᠲᠤᠶᠠᠭ᠎ᠠ ᠠᠰᠢᠬᠯᠠᠨ ᠳᠤᠯᠠᠶ᠋ᠢᠬᠰᠠᠨ
ᠠᠢ ᠂ ᠮᠢᠨᠦ ᠤᠯᠠᠭᠠᠨᠳᠠᠪᠠᠭ᠎ᠠ ᠰᠤᠷᠭᠠᠭᠤᠯᠢ ᠮᠢᠨᠢ
ᠵᠸ ᠬᠦ᠋ ᠂
ᠪᠦᠪᠡᠢ ᠶ᠋ᠢᠨ ᠳᠠᠭᠤᠤ ᠶ᠋ᠢᠨ ᠠᠶᠠᠯᠭᠤ ᠤᠤ ᠳ᠋ᠧ
ᠡᠷᠳᠡᠮ
ᠮᠡᠳᠡᠯᠭᠡ ᠶ᠋ᠢᠨ ᠲᠦᠯᠬᠢᠭᠦᠷ ᠢ ᠣᠯᠬᠤ ᠭᠡᠵᠦ
ᠡᠷᠳᠡᠨᠢ ᠶ᠋ᠢᠨ
ᠬᠦᠷᠢᠶᠡᠨ ᠳᠦ ᠢᠷᠡᠭᠰᠡᠨ ᠪᠢᠯᠡ
ᠡᠨᠡᠷᠢᠯᠲᠦ
ᠪᠠᠭᠰᠢ ᠶ᠋ᠢᠨ ᠬᠠᠶ᠋ᠢᠷ᠎ᠠ ᠤᠨᠳᠤᠷᠴᠤ
ᠡᠭᠡᠰᠢᠭ ᠭᠡᠶ᠋ᠢᠭᠦᠯᠦᠭᠴᠢ
ᠶ᠋ᠢᠨ ᠡᠬᠡ ᠶ᠋ᠢ ᠲᠠᠨᠢᠭᠤᠯᠤᠭᠰᠠᠨ
ᠠᠢ ᠂ ᠮᠢᠨᠦ ᠤᠯᠠᠭᠠᠨᠳᠠᠪᠠᠭ᠎ᠠ ᠰᠤᠷᠭᠠᠭᠤᠯᠢ ᠮᠢᠨᠢ
ᠵᠸ ᠬᠦ᠋ ᠂
ᠬᠠᠶ᠋ᠢᠷ᠎ᠠ ᠶ᠋ᠢᠨ ᠳᠠᠭᠤᠤ ᠶ᠋ᠢᠨ ᠰᠢᠷᠤᠩᠬᠠᠢ ᠤᠤ ᠳ᠋ᠧ
ᠠᠪᠢᠶᠠᠰ
ᠤᠬᠠᠭᠠᠨ ᠤ ᠠᠳᠢᠰ ᠶ᠋ᠢ ᠬᠦᠷᠲᠡᠬᠦ ᠭᠡᠵᠦ
ᠠᠷᠠᠳ ᠤᠨ
ᠰᠤᠷᠭᠠᠭᠤᠯᠢ ᠳᠤ ᠣᠷᠣᠭᠰᠠᠨ ᠪᠢᠯᠡ
ᠬᠥᠮᠦᠨ ᠪᠣᠯᠬᠤ
ᠶ᠋ᠢᠨ ᠤᠴᠢᠷ ᠤᠳᠭ᠋᠎ᠠ ᠶ᠋ᠢ
ᠬᠦᠨᠳᠦᠲᠦ ᠪᠠᠭᠰᠢ
ᠠ᠋ᠴᠠ ᠰᠣᠶᠣᠷᠬᠠᠨ ᠵᠢᠭᠠᠭᠰᠠᠨ
ᠠᠢ ᠂ ᠮᠢᠨᠦ ᠤᠯᠠᠭᠠᠨᠳᠠᠪᠠᠭ᠎ᠠ ᠰᠤᠷᠭᠠᠭᠤᠯᠢ ᠮᠢᠨᠢ
ᠵᠸ ᠬᠦ᠋ ᠂
ᠤᠷᠮ᠎ᠠ ᠢᠲᠡᠭᠡᠯ ᠦᠨ ᠵᠢᠭᠦᠷ ᠤᠤ ᠳ᠋ᠧ
