ᠰᠡᠭᠡᠰ ᠴᠠᠭᠠᠨ ᠪᠣᠭᠳᠠ - ᠳ᠋ᠠᠨᠳᠠᠪ ᠤᠨ ᠫᠦᠷᠪᠦᠳᠣᠷᠵᠢ Сэгс Цагаан Богд - Д . Пүрэвдорж
《 ᠬᠡᠢᠮᠣᠷᠢ 》ᠰᠦᠯᠵᠢᠶ᠎ᠡ ᠮᠡᠨᠳᠦᠯᠡᠭᠰᠡᠨ ᠨᠢᠭᠡ ᠵᠢᠯ ᠦ᠋ᠨ ᠣᠢ ᠳ᠋ᠤ᠌ ᠵᠣᠷᠢᠭᠤᠯᠪᠠ ᠃
ᠰᠡᠭᠡᠰ ᠴᠠᠭᠠᠨ ᠪᠣᠭᠳᠠ
— ᠲᠡᠮᠡᠭᠡᠴᠢᠨ ᠪᠦᠰᠡᠭᠦᠢ ᠶ᠋ᠢᠨ ᠵᠠᠬᠢᠳᠠᠯ
ᠳ ᠂ ᠫᠦᠷᠪᠦᠳᠣᠷᠵᠢ
ᠠ᠋᠊ ᠂ ᠬᠣᠩᠭᠣᠷᠵᠤᠯᠠ ᠤᠶᠠᠩᠭᠠᠯᠠᠪᠠ
ᠰᠠᠢᠬᠠᠨ ᠬᠣᠲᠠ ᠶ᠋ᠢᠨ ᠬᠥᠭᠡᠷᠦᠬᠦᠨ ᠬᠠᠷ᠎ᠠ ᠬᠦᠦ ᠰᠠᠢᠨ ᠪᠠᠢᠨ᠎ᠠ ᠤᠤ
ᠲᠡᠨᠢᠭᠡᠷ ᠭᠣᠪᠢ ᠶ᠋ᠢᠨ ᠲᠡᠮᠡᠭᠡᠴᠢᠨ ᠪᠦᠰᠡᠭᠦᠢ ᠰᠠᠢᠨ ᠪᠠᠢᠨ᠎ᠠ
ᠨᠠᠮᠤᠷ ᠲᠠ ᠮᠠᠨ ᠤ᠋ ᠨᠤᠲᠤᠭ ᠲᠤ᠌
ᠨᠠᠷᠠ ᠲᠠᠢ ᠬᠠᠮᠲᠤ ᠢᠷᠡᠭᠰᠡᠨ ᠶᠦᠮ ᠤᠤ
ᠰᠡᠭᠡᠰ ᠴᠠᠭᠠᠨ ᠪᠣᠭᠳᠠ ᠠᠭᠤᠯᠠᠨ ᠳ᠋ᠤ᠌
ᠰᠡᠷᠢᠭᠦᠦ ᠤᠨᠠᠬᠤ ᠪᠣᠯᠤᠭ᠎ᠠ ᠦᠭᠡᠢ ᠶᠦᠮ ᠤᠤ
ᠴᠡᠯᠡᠭᠡᠷ ᠭᠣᠪᠢ ᠮᠢᠨᠢ ᠨᠠᠷᠠ ᠪᠠᠨ ᠳᠡᠷᠡᠯᠡᠭᠡᠳ
ᠴᠡᠩᠬᠡᠷ ᠬᠠᠳᠠᠭ ᠰᠢᠭ᠋ ᠨᠠᠮᠢᠶᠠᠲᠠᠨ ᠪᠠᠢᠨ᠎ᠠ
ᠰᠠᠷ᠎ᠠ ᠬᠠᠶᠠᠭᠠᠨ ᠳ᠋ᠤ᠌ ᠬᠣᠨᠣᠵᠤ
ᠰᠠᠯᠬᠢᠨ ᠤ᠋ ᠦᠵᠦᠭᠦᠷ ᠡᠴᠡ ᠬᠡᠭᠡᠷ᠎ᠡ ᠶ᠋ᠢᠨ ᠦᠨᠦᠷ ᠠᠩᠬᠢᠯᠤᠨ
ᠨᠠᠷᠠᠨ ᠤ᠋ ᠡᠯᠴᠢ ᠤᠰᠤ ᠮᠡᠲᠦ
ᠭᠠᠵᠠᠷ ᠤ᠋ᠨ ᠭᠡᠭᠡᠯᠡᠨ ᠳ᠋ᠦ᠍ ᠰᠢᠩᠭᠡᠵᠦ
ᠨᠠᠮᠤᠷ ᠤ᠋ᠨ ᠭᠣᠪᠢ ᠳᠤᠯᠠᠭᠠᠨ ᠪᠠᠢᠨ᠎ᠠ
ᠵᠤᠨ ᠨᠠᠮᠤᠷ ᠲᠠᠭᠠᠨ ᠭᠣᠪᠢ ᠢᠩᠭᠢᠵᠦ
ᠵᠤᠤᠬ᠎ᠠ ᠮᠡᠲᠦ ᠭᠣᠣᠯ ᠳ᠋ᠠᠭᠠᠨ ᠬᠠᠯᠠᠭᠠᠳ
ᠥᠯᠥᠭᠡᠢ ᠲᠡᠢ ᠨᠢᠯᠬᠠᠰ ᠰᠢᠭ᠋
ᠡᠪᠦᠯ ᠳ᠋ᠦ᠍ ᠪᠡᠨ ᠢᠯᠴᠢ ᠪᠡᠷ ᠠᠮᠢᠰᠬᠤᠯᠯᠠᠵᠤ
ᠴᠠᠩ ᠬᠦᠦᠷᠭᠡ ᠪᠡᠨ ᠦᠷᠭᠦᠭᠡᠨ
ᠴᠠᠰᠤ ᠡᠭᠦᠯᠡᠨ ᠳ᠋ᠦ᠍ ᠪᠡᠨ ᠬᠠᠢᠯᠳᠠᠭ ᠶᠤᠮ
ᠨᠢᠳᠦᠨ ᠳ᠋ᠦ᠍ ᠳᠤᠯᠠᠭᠠᠬᠠᠨ ᠬᠠᠷ᠎ᠠ ᠬᠦᠦ ᠲᠠ
ᠨᠡᠭᠦᠳᠡᠯ ᠦ᠋ᠨ ᠰᠢᠪᠠᠭᠤ ᠪᠠᠢᠭᠰᠠᠨ ᠶᠤᠮ ᠤᠤ
ᠠᠭᠤᠵᠢᠮ ᠭᠣᠪᠢ ᠶ᠋ᠢᠨ ᠪᠢᠴᠢᠬᠠᠨ ᠪᠦᠷᠢᠳᠦ ᠪᠢ
ᠤᠰᠤ ᠨᠢ ᠴᠠᠯᠭᠢᠵᠤ ᠦᠯᠡᠳᠡᠭᠰᠡᠨ ᠶᠦᠮ ᠤᠤ
ᠰᠠᠮ ᠰᠡᠮᠬᠡᠨ ᠰᠠᠨᠠᠭ᠎ᠠ ᠠᠯᠳᠠᠭᠠᠳ
ᠰᠡᠳᠬᠢᠯ ᠨᠢᠭᠡ ᠯᠡ ᠰᠦᠵᠢᠷᠡᠭᠡᠳ ᠪᠠᠢᠨ᠎ᠠ
ᠨᠠᠮᠤᠷ ᠲᠠ ᠮᠠᠨ ᠤ᠋ ᠳ᠋ᠤ᠌ ᠢᠷᠡᠬᠦ ᠳ᠋ᠦ᠍ ᠪᠡᠨ
ᠨᠠᠮᠠᠶ᠋ᠢ ᠭᠠᠭᠴᠠ ᠲᠦᠯᠡᠭᠰᠡᠨ ᠰᠢᠦ ᠳᠡ
ᠪᠠᠳᠢᠶᠠᠷ ᠪᠢᠰᠢ ᠳᠡ ᠬᠥᠮᠦᠨ ᠢ᠋ ᠲᠠ
ᠪᠠᠷᠢᠵᠤ ᠬᠠᠷᠠᠬᠤ ᠰᠢᠬᠠᠭᠰᠠᠨ ᠰᠢᠦ ᠳᠡ
ᠥᠪᠡᠷ ᠢ᠋ᠶ᠋ᠡᠨ ᠲᠡᠭᠡᠵᠦ ᠡᠳᠦᠬᠦ ᠶ᠋ᠢ ᠡᠳᠦᠴᠢᠬᠡᠭᠡᠳ
ᠥᠨᠳᠡᠭᠡ ᠰᠢᠭ ᠳᠠᠭᠤ ᠦᠭᠡᠢ ᠶᠠᠪᠤᠴᠢᠬᠠᠭᠠᠳ
ᠰᠢᠪᠠᠭᠤ ᠪᠦᠬᠦᠨ ᠳ᠋ᠦ᠍ ᠦᠭᠡ ᠵᠢᠭᠠᠭᠠᠳ
ᠰᠢᠤᠳᠠᠨ ᠪᠦᠷᠢ ᠳ᠋ᠦ᠍ ᠵᠠᠬᠢᠶ᠎ᠠ ᠲᠠᠢᠭᠠᠳ
ᠨᠢᠭᠡᠳᠦᠯ ᠦ᠋ᠨ ᠳᠠᠷᠤᠭ᠎ᠠ ᠡᠴᠡ ᠴᠦ᠍ ᠰᠠᠨᠠᠭ᠎ᠠ ᠵᠣᠪᠠᠬᠤ ᠦᠭᠡᠢ
ᠨᠡᠭᠡᠷᠡᠨ ᠲᠠ ᠨᠠᠮᠤᠷᠵᠢᠨ ᠴᠢᠳᠠᠯ᠎ᠠ
ᠤᠩᠰᠢᠭᠠᠳ ᠪᠠᠢᠮᠠᠷ ᠲᠠᠨ ᠤ᠋ ᠵᠠᠬᠢᠳᠠᠯ ᠤ᠋ᠳ
ᠠᠭᠤᠯᠵᠠᠬᠤ ᠶ᠋ᠢᠨ ᠵᠠᠶᠠᠭ᠎ᠠ ᠥᠭᠭᠦᠭᠡᠴᠢ ᠭᠡᠵᠡᠢ
ᠠᠭᠤᠯᠵᠠᠬᠤ ᠶ᠋ᠢᠨ ᠵᠠᠶᠠᠭ᠎ᠠ ᠥᠭᠭᠦᠶ᠎ᠡ ᠭᠡᠲᠡᠯ᠎ᠡ
ᠤᠴᠠᠷᠠᠯ ᠤ᠋ᠨ ᠵᠢᠷᠭᠠᠯ ᠠᠪᠤᠭᠠᠴᠢ ᠭᠡᠵᠡᠢ
ᠤᠴᠠᠷᠠᠯ ᠤ᠋ᠨ ᠵᠢᠷᠭᠠᠯ ᠠᠪᠤᠶ᠎ᠠ ᠭᠡᠲᠡᠯ᠎ᠡ
ᠤᠯᠠᠭᠠᠨᠪᠠᠭᠠᠲᠤᠷ ᠲᠤ᠌ ᠢᠷᠡᠭᠡᠴᠢ ᠭᠡᠵᠡᠢ
ᠰᠡᠭᠡᠰ ᠴᠠᠭᠠᠨ ᠪᠣᠭᠳᠠ ᠪᠠᠨ ᠣᠷᠬᠢᠭᠠᠳ
ᠰᠡᠳᠬᠢᠯ ᠶᠦ᠍ᠭᠡᠨ ᠳᠠᠭᠠᠶ᠎ᠠ ᠭᠡᠪᠡᠯ
ᠬᠣᠩᠭᠣᠷ ᠲᠠᠨ ᠤ᠋ ᠭᠡᠷᠭᠡᠢ ᠪᠣᠯᠤᠭᠠᠳ
ᠬᠣᠲᠠ ᠭᠠᠵᠠᠷ ᠰᠠᠭᠤᠶ᠎ᠠ ᠭᠡᠪᠡᠯ
ᠭᠣᠪᠢ ᠨᠤᠲᠤᠭ ᠤ᠋ᠨ ᠬᠦᠷᠡᠩ ᠪᠦᠰᠡᠭᠦᠢ ᠶ᠋ᠢᠨ
ᠭᠤᠸ᠎ᠠ ᠦᠵᠡᠮᠵᠢ ᠬᠦᠷᠬᠦ ᠪᠣᠯᠪᠠ ᠤᠤ
ᠤᠩᠭᠤᠵᠤ ᠭᠠᠩᠳᠠᠭᠰᠠᠨ ᠮᠢᠨᠦ ᠴᠢᠷᠠᠢ ᠳ᠋ᠤ᠌
ᠣ ᠡᠩᠭᠡᠰᠬᠡ ᠲᠠᠭᠠᠷᠠᠬᠤ ᠪᠣᠯᠪᠠ ᠤᠤ
ᠠᠭᠤᠷ ᠭᠦᠶᠦᠭᠰᠡᠨ ᠪᠠᠢᠰᠢᠩ ᠳ᠋ᠤ᠌ ᠰᠠᠭᠤᠬᠤ ᠪᠠᠷ
ᠤᠲᠤᠭ᠎ᠠ ᠦᠭᠡᠢ ᠭᠠᠯ ᠳ᠋ᠤ᠌ ᠴᠠᠢ ᠴᠢᠨᠠᠬᠤ ᠪᠠᠷ
ᠤᠯᠠᠭ᠎ᠠ ᠪᠤᠲᠠᠷᠠᠭᠰᠠᠨ ᠭᠣᠪᠢ ᠪᠠᠨ ᠣᠷᠬᠢᠭᠠᠳ
ᠤᠯᠠᠭᠠᠨᠪᠠᠭᠠᠲᠤᠷ ᠲᠤ᠌ ᠣᠴᠢᠶ᠎ᠠ ᠭᠡᠪᠡᠯ
ᠪᠤᠶᠠᠨᠲᠠᠢ ᠬᠠᠨᠢ ᠶ᠋ᠢᠨ ᠴᠠᠯᠢᠩ ᠬᠦᠷᠲᠡᠭᠰᠡᠨ
ᠪᠤᠷᠬᠠᠨ ᠪᠠᠢᠯ᠎ᠠ ᠴᠤ᠌ ᠲᠠᠭᠠᠷᠠᠬᠤ ᠪᠣᠯᠪᠠ ᠤᠤ
ᠪᠤᠭᠤᠷᠤᠯ ᠬᠠᠩᠭᠠᠢ ᠶ᠋ᠢᠨ ᠴᠠᠭᠠᠨ ᠡᠪᠦᠯ
ᠪᠤᠯᠠᠭᠠᠨ ᠳᠡᠪᠡᠯ ᠲᠡᠢ ᠴᠦ᠍ ᠲᠠᠭᠠᠷᠠᠬᠤ ᠪᠣᠯᠪᠠ ᠤᠤ
ᠠᠭᠤᠴᠢᠯᠠᠭᠠᠷᠠᠢ᠂ ᠨᠠᠢᠵᠠ ᠮᠢᠨᠢ
ᠠᠭᠤᠷᠯᠠᠬᠤ ᠬᠡᠷᠡᠭ ᠦᠭᠡᠢ ᠲᠣᠭᠯᠠᠭᠰᠠᠨ ᠶᠤᠮ
ᠤᠯᠠᠭᠠᠨᠪᠠᠭᠠᠲᠤᠷ ᠰᠠᠢᠬᠠᠨ
ᠠᠭᠤᠯᠠᠰ ᠲᠠᠰᠢ ᠪᠠᠨ ᠬᠠᠶᠠᠭ᠎ᠠ ᠲᠡᠯᠡᠭᠰᠡᠨ
ᠡᠭᠦᠯᠡᠰ ᠳᠡᠭᠡᠭᠰᠢ ᠪᠡᠨ ᠳᠡᠭᠡᠪᠦᠷ ᠲᠤᠯᠤᠭᠰᠠᠨ
ᠤᠯᠤᠰ ᠤ᠋ᠨ ᠮᠢᠨᠢ ᠴᠢᠨᠳᠠᠮᠤᠨᠢ ᠡᠷᠳᠡᠨᠢ
ᠤᠯᠠᠭᠠᠨᠪᠠᠭᠠᠲᠤᠷ ᠰᠠᠢᠬᠠᠨ
ᠥᠲᠥᠨ ᠳᠡᠷᠡᠨ ᠡᠴᠡ
ᠥᠷᠯᠥᠭᠡ ᠥᠨᠳᠡᠢᠵᠦ
ᠥᠩᠭᠡ ᠶ᠋ᠢᠨ ᠱᠠᠬᠠᠢ
ᠥᠯᠮᠡᠢ ᠳ᠋ᠦ᠍ ᠤᠭᠯᠠᠭᠠᠳ
ᠴᠣᠬᠣᠷ ᠲᠣᠷᠭᠠᠨ
ᠬᠡᠪᠡᠨᠡᠭ ᠨᠥᠮᠥᠷᠴᠦ
ᠴᠣᠩᠬᠣᠨ ᠤ᠋ ᠬᠥᠰᠢᠭᠡ
ᠬᠡᠴᠡ ᠪᠡᠷ ᠲᠠᠲᠠᠵᠤ
ᠬᠠᠯᠠᠭᠤᠨ ᠤᠰᠤ
ᠬᠠᠨᠠᠨ ᠠ᠋ᠴᠠ ᠪᠠᠨ ᠠᠪᠤᠭᠠᠳ
ᠴᠠᠬᠢᠯᠭᠠᠨ ᠵᠤᠤᠬᠠᠨ ᠳ᠋ᠤ᠌
ᠴᠠᠢ ᠪᠠᠨ ᠴᠢᠨᠠᠭᠠᠳ
ᠦᠶ᠎ᠡ ᠶ᠋ᠢᠨ ᠲᠠᠨ ᠳ᠋ᠤ᠌ ᠪᠠᠨ ᠡᠷᠬᠡᠯᠡᠨ ᠰᠠᠭᠤᠪᠠᠯ
ᠦᠨᠡᠬᠡᠷ ᠨᠢᠭᠡᠨ ᠵᠢᠷᠭᠠᠯ ᠪᠤᠰᠤ ᠤᠤ
ᠭᠤᠷᠪᠠᠨ ᠲᠠᠯ᠎ᠠ ᠲᠠᠢ ᠲᠣᠯᠢᠨ ᠤ᠋ ᠤᠷᠢᠳᠤ
ᠳᠥᠷᠪᠡᠨ ᠲᠠᠯ᠎ᠠ ᠪᠠᠨ ᠲᠣᠯᠢᠳᠠᠨ ᠵᠠᠰᠠᠵᠤ
ᠭᠤᠷᠪᠠᠨ ᠵᠠᠭᠤ ᠶ᠋ᠢᠨ ᠪᠤᠯᠠᠭᠠᠨ ᠮᠠᠯᠠᠭᠠᠢ
ᠲᠦᠪᠬᠢᠨ ᠠᠭᠠᠳ ᠵᠢᠰᠢᠭᠦᠦ ᠲᠠᠯᠪᠢᠵᠤ
ᠥᠷᠥᠨ᠎ᠡ ᠵᠦᠭ ᠦ᠋ᠨ ᠱᠠᠪᠠᠢ ᠭᠤᠲᠤᠯ ᠤ᠋ᠨ
ᠥᠨᠳᠥᠷ ᠥᠰᠥᠭᠡᠢ ᠱᠠᠲᠤ ᠪᠠᠷ ᠲᠣᠪᠰᠢᠵᠤ
ᠴᠠᠭᠠᠨ ᠬᠠᠷᠰᠢ ᠶ᠋ᠢᠨ ᠢᠷᠣᠭᠠᠷ ᠢ᠋ᠶ᠋ᠠᠷ
ᠴᠠᠩ ᠲᠠᠢ ᠴᠢᠯᠠᠭᠤᠨ ᠭᠤᠳᠤᠮᠵᠢ ᠪᠠᠷ
ᠠᠵᠢᠯ ᠳ᠋ᠤ᠌ ᠪᠠᠨ ᠶᠠᠭᠠᠷᠠᠩᠬᠠᠨ
ᠠᠦ᠋ᠲ᠋ᠣᠪᠦ᠋ᠰ ᠲᠦ᠍ ᠶᠠᠭᠠᠷᠠᠩᠬᠠᠨ
ᠠᠮᠠᠷᠠᠭ ᠨᠥᠬᠥᠷ ᠢ᠋ᠶ᠋ᠡᠨ ᠰᠤᠭᠤᠳᠠᠨ ᠠᠯᠬᠤᠪᠠᠯ
ᠠᠶ᠎ᠠ᠂ ᠪᠠᠰᠠ ᠵᠢᠷᠭᠠᠯ ᠪᠤᠰᠤ ᠤᠤ
ᠠᠵᠢᠯ ᠲᠠᠷᠬᠠᠭᠰᠠᠨ ᠤ᠋ ᠳᠠᠷᠠᠭ᠎ᠠ ᠪᠠᠷ
ᠠᠪᠤ ᠡᠵᠢ ᠶ᠋ᠢᠨ ᠢᠷᠦᠭᠡᠯ ᠢ᠋ᠶ᠋ᠡᠷ
ᠴᠡᠴᠡᠭ ᠰᠢᠭ ᠬᠥᠭᠡᠷᠦᠬᠦᠨ ᠬᠦᠦ ᠪᠡᠨ
ᠴᠡᠴᠡᠷᠯᠢᠭ ᠡᠴᠡ ᠬᠠᠮᠲᠤ ᠠᠪᠤᠭᠠᠳ
ᠴᠡᠩᠭᠡᠭᠦᠨ ᠰᠠᠢᠬᠠᠨ ᠦᠳᠡᠰᠢ
ᠴᠡᠩᠬᠡᠷ ᠳᠡᠯᠭᠡᠴᠡ ᠰᠢᠷᠳᠡᠨ
ᠬᠥᠪᠰᠥᠭᠦᠷ ᠳ᠋ᠢᠸᠠᠨ ᠳ᠋ᠤ᠌ ᠰᠢᠭᠢᠳᠦᠨ
ᠬᠥᠭᠵᠢᠮ ᠳᠠᠭᠤᠤ ᠴᠢᠩᠨᠠᠨ
ᠰᠠᠢᠬᠠᠨ ᠪᠡᠶ᠎ᠡ ᠡᠷᠡᠭᠦᠯ
ᠰᠠᠨᠠᠭ᠎ᠠ ᠰᠡᠳᠬᠢᠯ ᠰᠠᠷᠠᠭᠤᠯ
ᠪᠡᠶ᠎ᠡ ᠪᠡᠶ᠎ᠡ ᠪᠡᠨ ᠬᠠᠢᠷᠠᠯᠠᠨ ᠰᠠᠭᠤᠪᠠᠯ
ᠪᠢᠳᠡᠨ ᠬᠣᠶᠠᠷ ᠤ᠋ᠨ ᠵᠢᠷᠭᠠᠯ ᠪᠤᠰᠤ ᠤᠤ
ᠲᠡᠭᠡᠪᠡᠴᠦ ᠨᠠᠢᠵᠠ ᠮᠢᠨᠢ ᠪᠢ
ᠲᠡᠭᠷᠢ ᠶ᠋ᠢᠨ ᠡᠨᠡ ᠯᠡ ᠬᠠᠶᠠᠭᠠᠨ ᠳ᠋ᠠᠭᠠᠨ
ᠲᠡᠮᠡᠭᠡᠴᠢᠨ ᠡᠭᠡᠯ ᠵᠠᠶᠠᠭᠠᠨ ᠳ᠋ᠠᠭᠠᠨ
ᠲᠣᠭᠣᠰᠣᠲᠤ ᠶᠡᠬᠡ ᠭᠣᠪᠢ ᠶ᠋ᠢᠨ
ᠲᠣᠷᠲᠣᠭᠲᠤ ᠬᠥᠬᠡ ᠠᠰᠠᠷ
ᠰᠡᠭᠡᠰ ᠴᠠᠭᠠᠨ ᠪᠣᠭᠳᠠ ᠳ᠋ᠠᠭᠠᠨ
ᠰᠡᠳᠬᠢᠯ ᠬᠣᠷᠭᠣᠳᠠᠭᠠᠳ ᠪᠣᠯᠬᠤ ᠦᠭᠡᠢ ᠨᠢ
ᠰᠤᠨᠳᠠᠯᠠᠨ ᠨᠡᠭᠦᠬᠦ ᠡᠭᠦᠯᠡᠰ ᠰᠢᠭ
ᠰᠤᠪᠤᠷᠭᠠᠨ ᠴᠡᠩᠬᠡᠷ ᠠᠭᠤᠯᠠ ᠪᠠᠨ
ᠰᠤᠪᠤᠳ ᠰᠢᠭ᠋ ᠪᠠᠯ ᠳ᠋ᠤ᠌ ᠨᠢ ᠭᠢᠯᠠᠯᠵᠠᠬᠤ
ᠰᠤᠮᠤ ᠨᠢᠭᠡᠳᠦᠯ ᠦ᠋ᠨ ᠲᠥᠪ ᠢ᠋ᠶ᠋ᠡᠨ
ᠡᠨᠡ ᠨᠤᠲᠤᠭ ᠲᠤ᠌ ᠲᠤᠯᠤᠭᠰᠠᠨ
ᠡᠴᠢᠭᠡ ᠡᠪᠦᠭᠡ ᠶ᠋ᠢᠨ ᠭᠠᠯ ᠢ᠋ᠶ᠋ᠠᠨ
ᠣᠨ ᠵᠢᠯ ᠢ᠋ᠶ᠋ᠡᠷ ᠨᠡᠬᠡᠯ ᠦᠭᠡᠢ
ᠣᠷᠬᠢᠭᠠᠳ ᠶᠠᠪᠤᠵᠤ ᠴᠢᠳᠠᠬᠤ ᠦᠭᠡᠢ ᠨᠢ ᠠ᠋
ᠠᠢ ᠳᠠ ᠰᠠᠢᠬᠠᠨ ᠭᠣᠪᠢ ᠮᠢᠨᠢ
ᠠᠯᠲᠠᠨ ᠰᠢᠷᠭᠠᠯ ᠭᠣᠪᠢ ᠮᠢᠨᠢ
ᠠᠨᠠᠭᠠᠢ ᠭᠤᠷᠪᠠᠨ ᠴᠣᠬᠣᠷ
ᠠᠵᠢᠨ ᠭᠤᠷᠪᠠᠨ ᠰᠢᠷᠳᠡᠭ
ᠠᠬ᠎ᠠ ᠳᠡᠭᠦᠦ ᠭᠤᠷᠪᠠᠨ ᠬᠠᠭᠠᠯᠭ᠎ᠠ
ᠠᠮᠠᠨ ᠭᠤᠷᠪᠠᠨ ᠰᠡᠭᠡᠷ
ᠠᠷᠤ ᠭᠤᠷᠪᠠᠨ ᠳᠡᠯ
ᠠᠯᠠᠭ ᠭᠤᠷᠪᠠᠨ ᠱᠠᠩᠳᠠ
ᠵᠠᠳᠠᠭᠠᠢ ᠭᠤᠷᠪᠠᠨ ᠬᠡᠭᠡᠷ᠎ᠡ
ᠵᠠᠬ᠎ᠠ ᠭᠤᠷᠪᠠᠨ ᠪᠠᠮᠪᠤᠤ᠂᠂᠂᠂
ᠨᠡᠷ᠎ᠡ ᠨᠢ ᠬᠦᠷᠲᠡᠯ᠎ᠡ ᠰᠢᠯᠦᠭ ᠰᠢᠭ
ᠨᠡᠭᠡᠷᠡᠨ ᠰᠠᠢᠬᠠᠨ ᠨᠤᠲᠤᠭ
ᠠᠶ᠎ᠠ ᠰᠠᠢᠬᠠᠨ ᠭᠣᠪᠢ ᠮᠢᠨᠢ
ᠠᠯᠲᠠᠨ ᠰᠢᠷᠭᠠᠯ ᠭᠣᠪᠢ ᠮᠢᠨᠢ
ᠰᠣᠯᠣᠩᠭ᠎ᠠ ᠶ᠋ᠢᠨ ᠳᠣᠯᠣᠭᠠᠨ ᠥᠩᠭᠡ ᠪᠢᠯᠡ
ᠢᠳᠡᠭᠡᠨ ᠦ᠌ ᠲᠠᠪᠤᠨ ᠠᠮᠲᠠ ᠨᠢ ᠪᠢᠯᠡ
ᠢᠵᠢᠯ ᠨᠢ ᠦᠭᠡᠢ ᠦᠨᠦᠷᠲᠡᠨ ᠪᠢᠯᠡ
ᠷᠢᠳᠢ ᠰᠢᠳᠢ ᠶ᠋ᠢᠨ ᠦᠵᠡᠰᠬᠦᠯᠡᠩ ᠪᠢᠯᠡ
ᠠᠭᠠᠭ ᠲᠠᠢ ᠴᠠᠢ ᠰᠢᠭ᠋ ᠰᠢᠷᠭᠠᠯᠲᠤᠨ ᠪᠠᠢᠳᠠᠭ
ᠠᠷᠭᠠᠯᠢ ᠶ᠋ᠢᠨ ᠵᠣ ᠰᠢᠭ᠋ ᠬᠢᠷᠭᠡᠯᠲᠤᠨ ᠪᠠᠢᠳᠠᠭ
ᠠᠲᠠᠨ ᠲᠡᠮᠡᠭᠡ ᠨᠢ ᠬᠣᠩᠭᠣᠷᠲᠤᠨ ᠪᠠᠢᠳᠠᠭ
ᠠᠯᠠᠭᠬᠠᠨ ᠭᠣᠪᠢ ᠳ᠋ᠠᠭᠠᠨ ᠬᠠᠢᠷᠠᠲᠠᠢ ᠪᠢ
ᠡᠮᠡᠭᠡᠯ ᠦ᠋ᠨ ᠪᠦᠭᠦᠷᠭᠡ ᠰᠢᠭ ᠡᠯᠢᠭᠡᠨ ᠬᠠᠳᠠ ᠨᠢ
ᠡᠰᠬᠡᠭᠡᠳ ᠠᠪᠤᠮᠠᠷ ᠢᠷ ᠲᠠᠢ ᠴᠤ᠌ ᠭᠡᠯᠡ
ᠡᠭᠡᠷᠡᠮ᠎ᠡ ᠭᠠᠵᠠᠷ ᠤ᠋ᠨ ᠠᠯᠠᠭ ᠴᠢᠯᠠᠭᠤ ᠨᠢ
ᠡᠷᠢᠭᠡᠨ ᠤ᠋ ᠪᠥᠭᠡᠷ᠎ᠡ ᠰᠢᠭ ᠡᠯᠡᠭᠦᠨ ᠪᠢᠯᠡ
ᠶᠡᠬᠡ ᠭᠣᠪᠢ ᠶ᠋ᠢ ᠬᠣᠯᠠ ᠠ᠋ᠴᠠ ᠬᠠᠷᠠᠬᠤ ᠳ᠋ᠤ᠌
ᠶᠡᠬᠡᠮᠰᠦᠭ ᠠᠯᠤᠰ ᠨᠢ ᠬᠦᠢᠲᠡᠨ ᠴᠦ᠍ ᠭᠡᠯᠡ
ᠢᠯᠴᠢ ᠲᠡᠢ ᠬᠥᠷᠥᠰᠥ ᠶ᠋ᠢ ᠨᠢ ᠠᠯᠠᠭ᠎ᠠ ᠪᠠᠷ ᠳᠠᠷᠤᠬᠤ ᠳ᠋ᠤ᠌
ᠢᠯᠡᠦᠷ ᠦ᠋ᠨ ᠤᠯᠠ ᠰᠢᠭ᠋ ᠬᠠᠯᠠᠭᠤᠨ ᠪᠢᠯᠡ
ᠬᠤᠯᠠᠨ ᠤ᠋ ᠲᠣᠭᠣᠰᠣ ᠰᠢᠩᠭᠡᠬᠦ ᠪᠠᠯ ᠨᠢ
ᠬᠠᠤᠷᠠᠢ ᠶ᠋ᠢᠨ ᠠᠷ ᠰᠢᠭ᠋ ᠰᠢᠷᠦᠭᠦᠨ ᠴᠦ᠍ ᠭᠡᠯᠡ
ᠬᠦᠢᠰᠦᠨ ᠴᠢᠨᠡᠭᠡ ᠵᠦᠯᠭᠡᠨ ᠭᠠᠵᠠᠷ ᠨᠢ
ᠬᠡᠦᠬᠡᠳ ᠦ᠋ᠨ ᠵᠤᠯᠠᠢ ᠰᠢᠭ᠋ ᠨᠢᠮᠭᠡᠨ ᠪᠢᠯᠡ
ᠭᠣᠣᠯ ᠳ᠋ᠤ᠌ ᠪᠠᠨ ᠬᠠᠲᠠᠭᠰᠠᠨ ᠶᠠᠭᠤᠮ᠎ᠠ ᠰᠢᠭ᠋
ᠭᠣᠪᠢ ᠶ᠋ᠢᠨ ᠵᠠᠭ ᠬᠠᠲᠠᠭᠤ ᠴᠤ᠌ ᠭᠡᠯᠡ
ᠨᠠᠷᠠᠨ ᠤ᠋ ᠢᠯᠴᠢᠨ ᠳ᠋ᠦ᠍ ᠨᠣᠴᠣᠲᠠᠯᠠ ᠬᠠᠯᠠᠭᠰᠠᠨ
ᠨᠠᠷᠢᠬᠠᠨ ᠮᠥᠴᠢᠷ ᠨᠢ ᠨᠣᠭᠣᠭᠠᠨ ᠪᠢᠯᠡ
ᠴᠠᠭᠠᠳᠤᠬᠢ ᠠᠭᠤᠯᠠᠰ ᠨᠢ ᠵᠡᠷᠭᠡᠯᠡᠨ ᠬᠥᠪᠬᠦ
ᠴᠠᠭᠠᠨ ᠳᠠᠯᠠᠢ ᠵᠡᠷᠭᠡᠯᠭᠡᠨ ᠳ᠋ᠦ᠍ ᠲᠤᠩᠬᠤ
ᠥᠷᠲᠡᠭᠡ ᠭᠠᠵᠠᠷ ᠠ᠋ᠴᠠ ᠠᠢᠯ ᠤ᠋ᠨ ᠭᠡᠷ
ᠡᠳᠦᠷ ᠦ᠋ᠨ ᠣᠳᠣ ᠰᠢᠭ᠋ ᠴᠠᠬᠢᠯᠠᠨᠠᠮ ᠪᠢᠯᠡ
ᠬᠠᠯᠠᠭᠤᠨ ᠲᠣᠭᠣᠭᠠᠨ ᠠ᠋ᠴᠠ ᠪᠦᠷᠬᠦᠬᠡᠷ ᠠᠪᠬᠤ ᠳ᠋ᠤ᠌
ᠬᠠᠮᠠᠷ ᠴᠣᠷᠭᠢᠨ ᠪᠦᠭᠴᠢᠬᠦ ᠠᠭᠤᠷ ᠰᠢᠭ᠋
ᠳᠠᠭᠠᠨ᠎ᠠ ᠠᠭᠠᠭᠢᠭᠰᠠᠨ ᠬᠥᠬᠡᠮᠳᠦᠭ ᠮᠠᠨᠠᠨ
ᠲᠠᠯ᠎ᠠ ᠪᠠᠷ ᠳᠡᠭᠳᠡᠨ ᠬᠥᠭᠡᠷᠦᠨᠡᠮ ᠪᠢᠯᠡ
ᠬᠦᠳᠡᠩ ᠲᠠᠲᠠᠭᠰᠠᠨ ᠨᠤᠲᠤᠭ ᠶᠤᠭᠠᠨ
ᠬᠦᠰᠡᠯ ᠨᠢ ᠳᠠᠭᠠᠭᠠᠳ ᠬᠠᠯᠠᠭᠤᠨ ᠶᠠᠪᠤᠳᠠᠭ
ᠬᠦᠷᠡᠩ ᠴᠢᠷᠠᠢ ᠲᠠᠢ ᠭᠣᠪᠢ ᠶ᠋ᠢᠨ ᠬᠥᠮᠦᠰ
ᠬᠥᠮᠦᠨ ᠦ᠌ ᠶᠠᠰᠤ ᠪᠠᠷ ᠰᠠᠢᠨ ᠪᠢᠯᠡ
ᠢᠯᠠᠭ᠎ᠠ ᠬᠠᠯᠲᠤᠷᠢᠯᠠ ᠬᠠᠨᠠᠨ ᠴᠠᠪᠴᠢᠯ ᠳ᠋ᠤ᠌
ᠶᠠᠩᠭᠢᠷ ᠨᠢ ᠢᠮᠠᠭ᠎ᠠ ᠲᠠᠢ ᠠᠰᠠᠭᠰᠠᠨ ᠪᠠᠢᠳᠠᠭ
ᠠᠰᠬ᠎ᠠ ᠱᠠᠷᠬᠢᠬᠤ ᠬᠠᠳᠠᠨ ᠬᠠᠪᠴᠢᠯ ᠳ᠋ᠤ᠌
ᠠᠷᠭᠠᠯᠢ ᠨᠢ ᠬᠣᠨᠢ ᠲᠠᠢ ᠨᠡᠢᠯᠡᠭᠰᠡᠨ ᠪᠠᠢᠳᠠᠭ
ᠠᠯᠠᠭ ᠲᠤᠤᠵᠠ ᠰᠢᠭ᠋ ᠡᠷᠢᠶᠡᠨ ᠴᠠᠢᠳᠠᠮ ᠳ᠋ᠤ᠌
ᠠᠳᠤᠭᠤ ᠨᠢ ᠬᠤᠯᠠᠨ ᠲᠠᠢ ᠤᠷᠤᠯᠳᠤᠨ ᠪᠠᠢᠳᠠᠭ
ᠲᠡᠭᠷᠢ ᠶ᠋ᠢᠨ ᠬᠢᠶᠠᠵᠠ ᠰᠢᠭ᠋ ᠴᠠᠭᠠᠨ ᠴᠡᠭᠡᠯᠡᠭᠡᠨ ᠳ᠋ᠦ᠍
ᠲᠡᠮᠡᠭᠡ ᠬᠠᠪᠲᠠᠭᠠᠢ ᠲᠤᠢᠯᠠᠨ ᠪᠠᠢᠳᠠᠭ
ᠥᠩᠭᠡ ᠭᠡᠷᠡᠯ ᠦ᠋ᠨ ᠬᠤᠪᠢᠯᠭᠠᠨ
ᠡᠪᠦᠭᠡᠨ ᠮᠠᠩᠬᠠᠨ ᠤ᠋ ᠳᠠᠪᠠᠯᠭᠠᠨ
ᠭᠣᠪᠢ ᠰᠠᠢᠬᠠᠨ ᠨᠤᠲᠤᠭ ᠮᠢᠨᠢ
ᠭᠣᠶᠣ ᠰᠠᠢᠬᠠᠨ ᠪᠣᠯᠵᠤ ᠪᠠᠢᠨ᠎ᠠ
ᠴᠠᠭᠠᠨ ᠰᠠᠭᠤᠷᠢᠨ ᠬᠡᠭᠡᠷ᠎ᠡ ᠪᠣᠰᠴᠤ
ᠴᠠᠬᠢᠯᠭᠠᠨ ᠳ᠋ᠧᠩ ᠭᠡᠷ ᠲᠦ᠍ ᠠᠰᠠᠵᠤ
ᠴᠡᠩᠬᠡᠷ ᠭᠣᠪᠢ ᠳ᠋ᠤ᠌ ᠪᠠᠨ ᠮᠠᠨ ᠤ᠋ ᠨᠢᠭᠡᠳᠦᠯ
ᠴᠡᠴᠡᠭ ᠦ᠋ᠨ ᠮᠠᠨᠳᠤᠯ ᠳᠡᠯᠭᠡᠵᠦ ᠪᠠᠢᠨ᠎ᠠ
ᠬᠥᠮᠦᠨ ᠦ᠌ ᠰᠠᠨᠠᠭ᠎ᠠ ᠠᠯᠤᠰ ᠰᠠᠭᠤᠵᠤ
ᠬᠦᠰᠡᠯ ᠪᠣᠳᠣᠯ ᠨᠢ ᠠᠢᠯ ᠪᠠᠭᠤᠵᠤ
ᠡᠭᠡᠯ ᠣᠯᠠᠨ ᠤ᠋ ᠠᠮᠢᠰᠬᠤᠭ᠎ᠠ ᠨᠡᠢᠯᠡᠭᠰᠡᠨ
ᠡᠨᠡ ᠨᠢᠭᠡᠳᠦᠯ ᠳ᠋ᠦ᠍ ᠠᠮᠢᠳᠤᠷᠠᠯ ᠰᠠᠢᠨ ᠪᠠᠢᠨ᠎ᠠ
ᠨᠠᠮᠤᠷ ᠲᠠ ᠡᠨᠡ ᠨᠤᠲᠤᠭ ᠢ᠋ᠶ᠋ᠠᠷ
ᠨᠠᠷᠠ ᠲᠠᠢ ᠬᠠᠮᠲᠤ ᠳᠠᠪᠬᠢᠵᠤ ᠶᠠᠪᠤᠬᠤ ᠳ᠋ᠠᠭᠠᠨ
ᠮᠠᠨ ᠤ᠋ ᠨᠢᠭᠡᠳᠦᠯ ᠦ᠋ᠨ ᠰᠠᠢᠬᠠᠨ ᠢ᠋ ᠪᠢᠰᠢᠷᠡᠵᠦ
ᠮᠠᠯᠴᠢᠳ ᠤ᠋ᠨ ᠬᠣᠢᠮᠣᠷ ᠲᠤ᠌ ᠰᠠᠭᠠᠲᠠᠵᠤ ᠰᠠᠭᠤᠬᠤ ᠳ᠋ᠠᠭᠠᠨ
ᠤᠶᠠᠩᠭ᠎ᠠ ᠮᠣᠳᠣ ᠲᠠᠢ ᠴᠠᠭᠠᠨ ᠭᠡᠷ ᠢ᠋ ᠨᠢ
ᠤᠯᠠᠭᠠᠨᠪᠠᠭᠠᠲᠤᠷ ᠤ᠋ᠨ ᠭᠠᠩᠭᠠᠩ ᠲᠠᠯᠪᠢᠴᠠ ᠶ᠋ᠢ ᠨᠢ
ᠮᠠᠰᠢᠨ ᠢ᠋ᠶ᠋ᠠᠨ ᠵᠣᠭᠰᠣᠭᠠᠵᠤ ᠭᠠᠢᠬᠠᠭᠰᠠᠨ ᠭᠡᠨ᠎ᠡ ᠯᠠᠢ
ᠮᠠᠯᠠᠭᠠᠢ ᠪᠠᠨ ᠠᠪᠴᠤ ᠮᠠᠭᠲᠠᠭᠰᠠᠨ ᠭᠡᠨ᠎ᠡ ᠯᠠᠢ
ᠨᠡᠭᠡᠷᠡᠨ ᠴᠦ᠍ ᠡᠨᠳᠡ ᠭᠣᠪᠢ ᠰᠢᠭ᠋ ᠢ᠋ᠶ᠋ᠡᠨ
ᠨᠢᠭᠡᠳᠦᠯ ᠮᠠᠨᠢ ᠥᠷᠭᠡᠨ ᠪᠠᠢᠨ᠎ᠠ
ᠰᠡᠭᠡᠰ ᠴᠠᠭᠠᠨ ᠪᠣᠭᠳᠠ ᠰᠢᠭ᠋ ᠢ᠋ᠶ᠋ᠡᠨ
ᠰᠡᠳᠬᠢᠯ ᠮᠢᠨᠢ ᠥᠨᠳᠥᠷ ᠪᠠᠢᠨ᠎ᠠ
ᠦᠶ᠎ᠡ ᠶ᠋ᠢᠨ ᠨᠠᠢᠵᠠ ᠨᠢ ᠥᠪᠡᠷ ᠦ᠋ᠨ ᠨᠢᠭᠡᠳᠦᠯ ᠦ᠋ᠨ
ᠡᠭᠦᠳᠡᠨ ᠡᠴᠡ ᠰᠡᠬᠦᠵᠦ ᠡᠷᠦᠬᠡᠨ ᠡᠴᠡ ᠲᠠᠲᠠᠵᠤ
ᠠᠯᠤᠰ ᠤ᠋ᠨ ᠬᠥᠮᠦᠨ ᠳ᠋ᠦ᠍ ᠬᠠᠢᠷ᠎ᠠ ᠪᠠᠨ ᠬᠠᠳᠠᠭᠠᠯᠠᠵᠤ
ᠠᠢᠯ ᠤ᠋ᠨ ᠬᠦᠦ ᠡᠴᠡ ᠲᠡᠭᠦᠨ ᠢ᠋ᠶ᠋ᠡᠨ ᠬᠠᠷᠠᠮᠯᠠᠵᠤ
ᠵᠠᠳᠠᠭᠠᠢ ᠰᠢᠷᠭᠠᠯ ᠭᠦᠯᠭᠡᠨ ᠭᠣᠪᠢ ᠳ᠋ᠠᠭᠠᠨ
ᠽᠠᠨᠳᠠᠨ ᠰᠢᠳᠡᠷ᠎ᠡ ᠰᠢᠭ ᠵᠠᠭᠤᠨ ᠲᠡᠮᠡᠭᠡ ᠪᠡᠨ
ᠦᠦᠷ ᠦ᠋ᠨ ᠲᠤᠶᠠᠭᠠᠨ ᠢ᠋ᠶ᠋ᠠᠷ ᠥᠷᠥᠵᠦ ᠶᠠᠪᠤᠨ᠎ᠠ
ᠦᠳᠡᠰᠢ ᠪᠣᠯᠲᠠᠯ᠎ᠠ ᠨᠡᠭᠦᠵᠦ ᠶᠠᠪᠤᠨ᠎ᠠ
ᠬᠣᠩᠭᠣᠷ ᠨᠠᠢᠵᠠ ᠮᠢᠨᠢ ᠠᠭᠤᠯᠵᠠᠶ᠎ᠠ ᠭᠡᠪᠡᠯ
ᠬᠣᠯᠠ ᠶ᠋ᠢᠨ ᠨᠠᠳᠠ ᠲᠠᠢ ᠤᠴᠠᠷᠠᠶ᠎ᠠ ᠭᠡᠪᠡᠯ
ᠨᠠᠷᠠ ᠰᠢᠭ᠋ ᠭᠣᠪᠢ ᠳ᠋ᠠᠭᠠᠨ ᠲᠠᠨ ᠢ᠋ ᠤᠷᠢᠶ᠎ᠠ
ᠰᠠᠷ᠎ᠠ ᠰᠢᠭ᠋ ᠭᠡᠷ ᠢ᠋ᠶ᠋ᠡᠨ ᠡᠨᠳᠡ ᠪᠠᠷᠢᠶ᠎ᠠ
ᠡᠷᠬᠢᠮ ᠲᠠᠨ ᠢ᠋ ᠡᠷᠭᠢᠭᠡᠳ ᠢᠷᠡᠬᠦ ᠳ᠋ᠦ᠍
ᠡᠭ ᠦ᠋ᠨ ᠭᠣᠣᠯ ᠤ᠋ᠨ ᠢ᠋ᠶ᠋ᠠᠨ ᠠᠯᠢᠮ᠎ᠠ ᠪᠠᠷ ᠲᠠᠢᠯᠠᠶ᠎ᠠ
ᠤᠰᠤᠨ ᠦᠵᠦᠮ ᠦ᠋ᠨ ᠪᠠᠭᠴᠠ ᠶ᠋ᠢ ᠲᠠᠪᠠᠭᠯᠠᠵᠤ
ᠤᠷᠭᠤᠴᠠ ᠶ᠋ᠢᠨ ᠰᠢᠮ᠎ᠡ ᠪᠠᠷ ᠬᠦᠨᠳᠦᠯᠡᠨ ᠴᠠᠢᠯᠠᠶᠠ
ᠬᠠᠩᠭᠠᠢ ᠶ᠋ᠢᠨ ᠭᠣᠶᠣᠯ ᠢ᠋ ᠭᠣᠪᠢ ᠳ᠋ᠤ᠌ ᠡᠮᠦᠰᠬᠡᠬᠦ
ᠬᠣᠲᠠ ᠶ᠋ᠢᠨ ᠰᠣᠶᠣᠯ ᠢ᠋ ᠬᠥᠳᠡᠭᠡ ᠬᠦᠷᠭᠡᠬᠦ
ᠬᠤᠪᠢ ᠵᠠᠶᠠᠭ᠎ᠠ ᠶ᠋ᠢ ᠲᠠ ᠪᠢᠳᠡᠨ ᠳ᠋ᠦ᠍
ᠬᠤᠪᠢᠰᠬᠠᠯᠲᠤ ᠪᠤᠭᠤᠷᠤᠯ ᠤ᠋ᠳ ᠲᠠᠯᠪᠢᠭᠰᠠᠨ ᠪᠠᠢᠨ᠎ᠠ
ᠬᠣᠲᠠ ᠬᠥᠳᠡᠭᠡ ᠠᠳᠠᠯᠢᠬᠠᠨ ᠪᠣᠯᠬᠤ
ᠬᠣᠢᠴᠢ ᠶ᠋ᠢᠨ ᠡᠳᠦᠷ ᠢ᠋ ᠣᠢᠷᠠᠬᠠᠨ ᠪᠣᠯᠭᠠᠵᠤ
ᠵᠠᠯᠠᠭᠤ ᠨᠠᠰᠤᠨ ᠤ᠋ ᠪᠠᠨ ᠬᠠᠮᠤᠭ ᠥᠩᠭᠡ ᠶ᠋ᠢ
ᠵᠠᠬ᠎ᠠ ᠨᠤᠲᠤᠭ ᠲᠤ᠌ ᠪᠠᠨ ᠬᠠᠮᠲᠤ ᠥᠭᠭᠦᠶ᠎ᠡ
ᠮᠠᠷᠭᠠᠳ ᠲᠩᠷᠢ ᠶ᠋ᠢᠨ ᠴᠢᠯᠠᠭᠤᠨ ᠵᠦᠮᠪᠦᠷ
ᠮᠠᠨᠠᠨᠲᠤ ᠭᠣᠪᠢ ᠶ᠋ᠢᠨ ᠡᠭᠦᠯᠡᠨ ᠰᠦᠮᠪᠦᠷ
ᠰᠡᠭᠡᠰ ᠴᠠᠭᠠᠨ ᠪᠣᠭᠳᠠ ᠠᠭᠤᠯᠠᠨ ᠳ᠋ᠤ᠌
ᠰᠡᠳᠬᠢᠯ ᠪᠠᠢᠪᠠᠯ ᠵᠢᠷᠭᠠᠯ ᠪᠠᠢᠨ᠎ᠠ
ᠠᠶᠠᠨ ᠤ᠋ ᠴᠢᠨᠢ ᠳᠥᠷᠥᠭᠡ ᠶ᠋ᠢ
ᠰᠦ ᠡᠷᠭᠦᠵᠦ ᠮᠢᠯᠢᠶᠠᠶ᠎ᠠ
ᠠᠯᠤᠰ ᠤ᠋ᠨ ᠴᠢᠨᠢ ᠬᠠᠷᠭᠤᠢ ᠶ᠋ᠢ
ᠰᠦᠢ ᠪᠤᠯᠠᠭᠠᠨ ᠬᠦᠯᠢᠶᠡᠶ᠎ᠡ
ᠪᠠᠶᠠᠷᠲᠠᠢ ᠨᠠᠢᠵᠠ ᠮᠢᠨᠢ
ᠬᠠᠷᠢᠭᠤ ᠪᠢᠴᠢᠭᠡᠷᠡᠢ
ᠪᠠᠢᠩᠭᠤ ᠶ᠋ᠢᠨ ᠮᠢᠨᠢ ᠬᠠᠶᠢᠭ
— ᠰᠡᠭᠡᠰ ᠴᠠᠭᠠᠨ ᠪᠣᠭᠳᠠ
Сэгс Цагаан Богд
/Тэмээчин бүсгүйн захидал/
Э.Хонгорзул уянгалав
Сайхан хотын Хөөрхөн хархүү Сайн байна уу
Тэнэгэр говийн Тэмээчин бүсгүй Сайн байна аа
Намар та манай нутагт
Нартай хамт ирсэн юмуу
Сэгс Цагаан Богд ууланд
Сэрүүн унах болоогүй юмуу
Цэлгэр говь минь нараа дэрлээд
Цэнхэр хадаг шиг намиатан байна
Сар хаяанд хонож
Салхины үзүүрээс
Хээрийн үнэр анхилан
Нарны илч ус мэт
Газрын хээлэнд шингэж
Намрын говь дулаан байна
Зун намартаа говь ингэж
Зуух мэт голдоо халаад
Өлгийтэй нялхас шиг
Өвөлдөө илчээр амьсгалж
Цан хүүргээ үргээн
Цас үүлэндээ хайлдаг юм
Нүдэнд дулаахан хархүү та
Нүүдлийн шувуу байсан юмуу
Уужим говийн бяцхан бүрд би
Ус нь цалгиж үлдсэн юмуу
Сэм сэмхэн санаа алдаад
Сэтгэл нэг л сүжрээд байна
Намар та манайд ирэхдээ
Намайг ганц түлсэн шүү дээ
Батиар биш дээ хүнийг та
Барьж харах шахсан шүү дээ
Өөрөө тэгж өдөхийг өдчихөөд
Өндөг шиг дуугүй явчихаад
Шувуу бүхэнд үг заагаад
Шуудан бүрийд захиа дайгаад
Нэгдлийн даргаас ч санаа зовохгүй
Нээрэн та намаржин чадлаа.
Уншаад баймаар таны захидлууд
Уулзахын заяа өгөөч гэжээ
Уулзахын заяа өгье гэтэл
Учралын жаргал аваач гэжээ
Учралын жаргал авья гэтэл
Улаанбаатарт ирээч гэжээ
Сэгс Цагаан Богдоо орхиод
Сэтгэл юугаа дагая гэвэл
Хонгор таны гэргий болоод
Хот газар сууяа гэвэл
Говь нутгийн хүрэн бүсгүй
Гоо үзэмж хүрэх болов уу.
Онгож гандсан миний царайд
Оо энгэсэг таарах болов уу
Уур гүйсэн байшинд суухаар
Утаагүй галд цай чанахаар
Улаа бутарсан говио орхиод
Улаанбаатарт очъёо гэвэл
Буянтай ханийн цалин хүртсэн
Бурхан байлаа ч таарах болов уу
Буурал хангайн цагаан өвөл
Булган дээлтэй ч даарах болов уу
Уучлаарай, найз минь
Уурлах хэрэггүй тоглосон юм
Улаанбаатар сайхаан!
Уулс тийшээ хаяа тэлсэн
Үүлс дээшээ дээвэр тулсан
Улсын минь чандмань эрдэнэ
Улаанбаатар сайхаан!
Өдөн дэрнээс
Өглөө өндийн
Өнгийн шаахай
Өлмийд углан
Цоохор торгон
Хэвнэг нөмөрч
Цонхны хөшиг
Хэцээр татаж
Халуун ус
Хананаасаа аваад
Цахилгаан зууханд
Цайгаа чанаад
Үеийн тандаа эрхлэн суувал
Үнэхээр нэгэн жаргал бус уу
Гурван талтай толины урд
Дөрвөн талаа толидон засаж
Гурван зуугийн булган малгай
Төвхөн агаад жишүү тавьж
Өрнө зүгийн шаавай гутлын
Өндөр өсгий шатаар товшиж
Цагаан харшийн ёроолоор
Цантай чулуун гудамжаар
Ажилдаа яаранхан
Автобусанд яаранхан
Амраг нөхрөө сугадан алхвал
Аяа, бас жаргал бус уу
Ажил тарсны дараагаар
Аав ээжийн ерөөлөөр
Цэцэг шиг хөөрхөн хүүгээ
Цэцэрлэгээс хамт аваад
Цэнгүүн сайхан үдэш
Цэнхэр дэлгэц ширтэн
Хөвсгөр диваанд шигдэн
Хөгжим дуу чагнан
Сайхан бие эрүүл
Санаа сэтгэл саруул
Бие биенээ хайрлан суувал
Бидэн хоёрын жаргал бус уу
Тэгэвч найз минь би
Тэнгэрийн энэ л хаяандаа
Тэмээчин эгэл заяандаа
Тоост их говийн
Тортогт хөх асар
Сэгс Цагаан Богддоо
Сэтгэл хоргодоод бололгүй нь
Сундлан нүүх үүлс шиг
Суварган цэнхэр уулаа
Сувд шиг бэлд нь гялалзах
Сум нэгдлийн төвөө
Энэ нутагт тулсан
Эцэг өвгийн галаа
Он жилээр нэхэлгүй
Орхиод явж чадахгүй нь
Ай даа, сайхан говь минь
Алтан шаргал говь минь
Анагай гурван цоохор
Ажин гурван ширдэг
Ах дүү гурван хаалга
Аман гурван сээр
Ар гурван дэл
Алаг гурван шанд
Задгай гурван хээр
Зах гурван бамбуу...
Нэр нь хүртэл шүлэг
Нээрээн сайхан нутаг
Аяа, сайхан говь минь
Алтан шаргал говь минь
Солонгын долоон өнгө билээ
Идээний таван амт билээ
Ижил нь үгүй үнэртэн билээ
Ид шидийн үзэсгэлэн билээ
Аагтай цай шиг шаргалтан байдаг
Аргалын зоо шиг хиргэлтэн байдаг
Атан тэмээ нь хонгортон байдаг
Алагхан говьдоо хайртай би!
Эмээлийн бүүрэг шиг элгэн хад нь
Эсгээд авмаар иртэй ч гэлээ
Ээрэм газрын алаг чулуу нь
Эрхний бөөр шиг элүүн билээ
Их говийг холоос харахад
Ихэмсэг алс нь хүйтэн ч гэлээ
Илчтэй хөрсий нь алгаар дарахад
Илүүрийн ул шиг халуун билээ
Хулангийн тоос шингэх бэл нь
Хуурай ар шиг ширүүн ч гэлээ
Хүйсэн чинээ зүлгэн газраа
Хүүхдийн зулай шиг нимгэн билээ
Голдоо хүртэл хатсан юм шиг
Говийн заг хатуу ч гэлээ
Нарны илчинд ноцтол халсан
Нарийхан мөчир нь ногоон билээ
Цаадах уулс нь зэрэглэн хөвөх
Цагаан далай зэрэглээнд тунан
Өртөө газраас айлын гэр
Өдрийн од шиг цахилнам билээ
Халуун тогооноос бүрхээр авахад
Хамар цоргин бүгчих уур шиг
Таана аагсан хөхөмдөг манан.
Талаар дэгдэн хөөрнөм билээ
Хүдэн татсан нутаг юугаа
Хүсэл нь дагаад халуун явдаг
Хүрэн царайтай говийн хүмүүс
Хүний ясаар сайн билээ
Ялаа хальтрам ханан цавчилд
Янгир нь ямаатай ассан байдаг
Асга шаргих хадан хавчилд
Аргал нь хоньтой нийлсэн байдаг
Алаг тууз шиг эрээн цайдамд
Адуу нь хулантай уралдан байдаг
Тэнгэрийн хиаз шиг цагаан цээлэнд
Тэмээ хавтгай туйлан байдаг
Өнгө гэрлийн хувилгаан
Өвгөн манхны давалгаан
Говь сайхан нутаг минь
Гоё сайхан болж байна
Цагаан суурин хээр босож
Цахилгаан дэн гэрт асаж
Цэнхэр говьдоо манай нэгдэл
Цэцгийн мандал дэлгэж байна
Хүний санаа алс сууж
Хүсэл бодол нь айл бууж
Эгэл олны амьсгаа нийлсэн
Энэ нэгдэлд амьдрал сайн байна
Намар та энэ нутгаар
Нартай хамт давхиж явахдаа
Манай нэгдлийн сайхныг биширч
Малчдын хойморт саатаж суухдаа
Уянга модтой цагаан гэрий нь
Улаанбаатарын ганган тавьцы нь
Машинаа зогсоож гайхсан гэнэ лээ.
Малгайгаа авч магтсан гэнэ лээ
Нээрэн ч энд говь шигээ
Нэгдэл маань өргөн байна
Сэгс Цагаан Богд шигээ
Сэтгэл минь өндөр байна
Үеийн найз нь өөрийн нэгдлийн
Үүднээс сөхөж өрхнөөс татаж
Алсын хүнд хайраа хадгалж
Айлын хүүгээс түүнээ харамлаж
Задгай шаргал хөлгөн говьдоо
Зандан шатар шиг зуун тэмээгээ
Үүрийн туяанаар өрж явна
Үдэш болтол нүүж явна
Хонгор найз минь уулзъя гэвэл
Холын надтай учиръя гэвэл
Нар шиг говьдоо таныг урья
Сар шиг гэрээ энд барья
Эрхэм таныг эргээд ирэхэд
Эхийн голынхоо алимаар дайлъя
Усан үзмийн нь багцыг таваглаж
Ургацын шимээр хүндлэн цайлъя
Хангайн гоёлыг говьд өмсгөх
Хотын соёлыг хөдөө хүргэх
Хувь заяаг та бидэнд
Хувьсгалт буурлууд тавьсан байна
Хот хөдөө адилхан болох
Хойчийн өдрийг ойрхон болгож
Залуу насныхаа хамаг өнгийг
Зах нутагтаа хамт өгье
Маргад тэнгэрийн чулуун зүмбэр
Манант говийн үүлэн сүмбэр
Сэгс Цагаан Богд ууланд
Сэтгэл байвал жаргал байна
Аяны чинь дөрөөг
Сүү өргөн мялаая
Алсын чинь харгуйг
Сүй болгон хүлээе
Баяртай найз минь
Хариу бичээрэй
Байнгын минь хаяг
Сэгс Цагаан Богд !
