ᠳᠤᠷᠠᠯᠠᠯ-ᠳ ᠳᠠᠮᠳᠢᠨᠵᠠᠪДурлал-Д.Дамдинжав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠤᠷᠠᠯᠠᠯ-ᠳ ᠳᠠᠮᠳᠢᠨᠵᠠᠪДурлал-Д.Дамдинжав

ᠳᠤᠷᠠᠯᠠᠯ-ᠳ ᠳᠠᠮᠳᠢᠨᠵᠠᠪДурлал-Д.Дамдинжав

2022-12-21

376

ᠳᠤᠷᠠᠯᠠᠯ

     ᠳ  ᠳᠠᠮᠳᠢᠨᠵᠠᠪ 

ᠪᠢ ᠠᠩᠬ᠎ᠠ ᠴᠢᠮ᠎ᠠ  ᠶᠢ ᠣᠯᠵᠤ ᠬᠠᠷᠠᠬᠤ ᠳᠤ ᠴᠢ ᠠᠷᠪᠠᠨ ᠵᠢᠷᠭᠤᠭ᠎ᠠ ᠲᠠᠢ ᠪᠠᠢᠯ᠎ᠠ
ᠪᠢᠷ ᠠᠪᠴᠤ᠂ ᠦᠰᠦ ᠶᠢ ᠴᠢᠨᠢ ᠵᠢᠷᠤᠬᠤ ᠳᠤ ᠴᠢ ᠠᠷᠪᠠᠨ ᠳᠣᠯᠣᠭ᠎ᠠ ᠲᠠᠢ ᠪᠠᠢᠯ᠎ᠠ
ᠪᠡᠬᠡᠨ ᠳᠤᠮᠳᠠ ᠠᠴᠠ ᠴᠢᠨᠤ ᠤᠷᠤᠭᠤᠯ ᠢ ᠬᠠᠢᠬᠤ ᠳᠤ ᠴᠢ ᠠᠷᠪᠠᠨ ᠶᠢᠰᠦ ᠲᠡᠢ ᠪᠠᠢᠯ᠎ᠠ
ᠪᠡᠯᠬᠡᠭᠦᠰᠦ ᠵᠢᠷᠤᠭᠠᠳ᠂ ᠳᠤᠮᠳᠠ ᠨᠢ ᠴᠡᠭ ᠬᠠᠳᠬᠠᠬᠤ ᠳᠤ ᠴᠢ ᠶᠠᠭ ᠬᠣᠷᠢ ᠲᠠᠢ ᠪᠠᠢᠯ᠎ᠠ..᠃

ᠪᠢ ᠴᠢᠮ᠎ᠠ ᠳᠤ ᠬᠠᠢᠷᠠᠲᠠᠢ ᠭᠡᠵᠦ ᠬᠡᠯᠡᠬᠦ ᠳᠦ ᠴᠢ ᠬᠣᠷᠢᠨ ᠨᠢᠭᠡ ᠲᠡᠢ ᠪᠠᠢᠯ᠎ᠠ
ᠪᠡᠯᠡᠭ ᠰᠢᠭ ᠨᠢᠯᠬ᠎ᠠ ᠦᠳᠡᠰᠢ ᠶᠢ ᠬᠠᠮᠲᠤ ᠥᠯᠥᠭᠡᠢᠳᠡᠬᠦ ᠳᠦ ᠴᠢ ᠬᠣᠷᠢᠨ ᠬᠣᠶᠠᠷ ᠲᠠᠢ ᠪᠠᠢᠯ᠎ᠠ
ᠪᠢᠷ ᠢᠶᠡᠨ ᠲᠠᠯᠪᠢᠭᠠᠳ᠂ ᠭᠠᠯᠪᠢᠷ ᠢ ᠨᠢ ᠰᠡᠢᠯᠵᠦ ᠰᠠᠭᠤᠬᠤ ᠳᠤ ᠴᠢ ᠬᠣᠷᠢᠨ ᠭᠤᠷᠪᠠ ᠲᠠᠢ ᠪᠠᠢᠯ᠎ᠠ
ᠪᠡᠯᠬᠡᠭᠦᠰᠦ ᠶᠢ ᠬᠣᠶᠠᠷ ᠤᠳᠬᠠᠳᠤ ᠬᠤᠪᠢᠯᠬᠤ ᠳᠤ ᠴᠢ ᠬᠣᠷᠢᠨ ᠳᠥᠷᠪᠡ ᠲᠡᠢ ᠪᠠᠢᠯ᠎ᠠ..᠃

ᠪᠢ ᠴᠢᠮ᠎ᠠ  ᠶᠢ ᠬᠣᠶᠠᠷ ᠳᠠᠬᠢᠨ ᠶᠡᠬᠡ ᠪᠡᠷ ᠬᠠᠢᠷᠠᠯᠠᠬᠤ ᠳᠤ ᠴᠢ ᠬᠣᠷᠢᠨ ᠲᠠᠪᠤ ᠲᠠᠢ ᠪᠠᠢᠯ᠎ᠠ
ᠪᠡᠷᠢ ᠴᠡᠴᠡᠭ ᠢᠶᠡᠷ ᠦᠰᠦ ᠶᠢ ᠴᠢᠨᠢ ᠭᠣᠶᠣᠬᠤ ᠳᠤ ᠴᠢ ᠬᠣᠷᠢᠨ ᠵᠢᠷᠭᠤᠭᠠ ᠲᠠᠢ ᠪᠠᠢᠯ᠎ᠠ
ᠪᠡᠷᠬᠡ ᠶᠢᠨ ᠠᠭᠤᠯᠠᠨ ᠳᠤ ᠬᠠᠮᠲᠤ ᠵᠤᠭᠠᠯᠠᠬᠤ ᠳᠤ ᠴᠢ ᠬᠣᠷᠢᠨ ᠳᠣᠯᠣᠭ᠎ᠠ ᠲᠠᠢ ᠪᠠᠢᠯ᠎ᠠ
ᠪᠡᠯ ᠦᠨ ᠴᠢᠯᠠᠭᠤ ᠲᠡᠭᠦᠵᠦ᠂ ᠰᠡᠳᠬᠢᠯ ᠢᠶᠡᠨ ᠴᠢᠮ᠎ᠤᠷᠤᠭᠤ ᠵᠥᠭᠡᠭᠡᠵᠦ ᠶᠠᠪᠤᠬᠤ ᠳᠤ ᠴᠢ ᠬᠣᠷᠢᠨ ᠨᠠᠢ᠍ᠮᠠ ᠲᠠᠢ ᠪᠠᠢᠯ᠎ᠠ᠃

ᠰᠠᠷᠠ ᠦᠭᠡᠢ ᠦᠳᠡᠰᠢ ᠪᠡᠷ ᠴᠥᠭᠦᠷᠦᠮ ᠳᠦ ᠣᠴᠢᠬᠤ ᠳᠤ ᠴᠢ ᠬᠣᠷᠢᠨ ᠶᠢᠰᠦ ᠲᠡᠢ ᠪᠠᠢᠯ᠎ᠠ
ᠰᠠᠨᠠᠭ᠎ᠠ ᠠᠯᠳᠠᠯᠲᠠ ᠰᠢᠭ᠋ ᠣᠳᠣ ᠬᠠᠷᠪᠤᠬᠤ ᠶᠢ ᠠᠵᠢᠵᠤ ᠰᠠᠭᠤᠬᠤ ᠳᠤ ᠴᠢ ᠭᠤᠴᠢ ᠲᠠᠢ ᠪᠠᠢᠯ᠎ᠠ
ᠰᠠᠨᠠᠭᠰᠠᠨ ᠰᠢᠦ ᠭᠡᠳ ᠪᠦᠳᠡᠭᠢᠬᠡᠭᠡᠨ ᠳᠠᠭᠤ ᠠᠯᠳᠠᠬᠤ ᠳᠤ ᠴᠢ ᠭᠤᠴᠢᠨ ᠨᠢᠭᠡ ᠲᠡᠢ ᠪᠠᠢᠯ᠎ᠠ
ᠰᠠᠯᠬᠢ ᠦᠭᠡᠢ ᠨᠠᠮᠤᠭᠤᠬᠠᠨ ᠴᠥᠭᠦᠷᠦᠮ ᠳᠦ ᠪᠢᠷ ᠢᠶᠡᠨ ᠳᠦᠷᠦᠬᠦ ᠳᠦ ᠴᠢ ᠭᠤᠴᠢᠨ ᠬᠣᠶᠠᠷ ᠲᠠᠢ ᠪᠠᠢᠯ᠎ᠠ᠃

ᠰᠠᠢᠬᠠᠨ ᠢ ᠴᠢᠨᠢ ᠳᠠᠬᠢᠭᠠᠳ ᠯᠠ ᠵᠢᠷᠤᠵᠤ ᠡᠬᠢᠯᠡᠬᠦ ᠳᠦ ᠴᠢ ᠭᠤᠴᠢᠨ ᠭᠤᠷᠪᠠ ᠲᠠᠢ ᠪᠠᠢᠯ᠎ᠠ
ᠰᠠᠨᠠᠭᠠᠨᠳᠠ ᠦᠭᠡᠢ ᠦᠰᠦᠨ ᠳᠦ ᠨᠢ ᠭᠠᠭᠴᠠ ᠴᠠᠭᠠᠨ ᠵᠢᠷᠤᠭᠠᠰᠤ ᠲᠠᠲᠠᠬᠤ ᠳᠤ ᠴᠢ ᠭᠤᠴᠢᠨ ᠳᠥᠷᠪᠡ ᠲᠡᠢ ᠪᠠᠢᠯ᠎ᠠ
ᠰᠠᠷ᠎ᠠ ᠲᠡᠷᠭᠡᠯᠲᠦᠬᠦ ᠳᠦ ᠴᠢ ᠭᠤᠴᠢᠨ ᠲᠠᠪᠤ ᠲᠠᠢ ᠪᠠᠢᠯ᠎ᠠ
ᠰᠠᠢᠬᠢ ᠴᠥᠭᠦᠷᠦᠮ ᠳᠦ ᠭᠤᠷᠪᠠᠨ ᠨᠢᠯᠬ᠎ᠠ ᠠᠩᠭᠢᠷ ᠬᠥᠪᠪᠥᠬᠦ ᠳᠦ ᠴᠢ ᠭᠤᠴᠢᠨ ᠵᠢᠷᠭᠤᠭ᠎ᠠ ᠲᠠᠢ ᠪᠠᠢᠯ᠎ᠠ᠃

ᠭᠤᠷᠪᠠᠨ ᠠᠩᠭᠢᠷ ᠬᠥᠪᠥᠭᠰᠡᠨ ᠴᠥᠭᠦᠷᠦᠮ ᠦᠨ ᠳᠡᠷᠭᠡᠳᠡ
ᠭᠤᠨᠢᠭ ᠭᠡᠳᠡᠭ ᠢ ᠡᠭᠦᠷᠢᠳᠡ ᠮᠠᠷᠲᠠᠭᠠᠳ
ᠬᠤᠯᠤᠰᠤᠨ ᠪᠢᠷ ᠢᠶᠡᠨ ᠬᠥᠳᠡᠯᠭᠡᠨ ᠰᠠᠭᠤᠬᠤᠢ ᠳᠤ
ᠭᠤᠴᠢᠨ ᠵᠢᠷᠭᠤᠭ᠎ᠠ ᠲᠠᠢ ᠴᠢ ᠮᠢᠨᠢ ᠠᠷᠪᠠᠨ ᠵᠢᠷᠭᠤᠭ᠎ᠠ ᠲᠠᠢ ᠬᠡᠪ ᠢᠶᠡᠷ ᠪᠠᠢᠯ᠎ᠠ᠃