ᠮᠣᠩᠭᠣᠯ ‍ᠤᠨ ᠥᠷᠯᠥᠭᠡ- ᠭ · ᠠᠷᠢᠭᠤᠨᠪᠠᠭᠠᠲᠤᠷМонголын өглөө-г · ариунбаатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ‍ᠤᠨ ᠥᠷᠯᠥᠭᠡ- ᠭ · ᠠᠷᠢᠭᠤᠨᠪᠠᠭᠠᠲᠤᠷМонголын өглөө-г · ариунбаатар

ᠮᠣᠩᠭᠣᠯ ‍ᠤᠨ ᠥᠷᠯᠥᠭᠡ- ᠭ · ᠠᠷᠢᠭᠤᠨᠪᠠᠭᠠᠲᠤᠷМонголын өглөө-г · ариунбаатар

ᠠᠩᠭᠢᠯᠠᠯ:ᠳᠠᠭᠤᠤ ᠬᠥᠭᠵᠢᠮ
2022-12-21

2664

ᠮᠣᠩᠭᠣᠯ ‍ᠤᠨ ᠥᠷᠯᠥᠭᠡ- ᠭ · ᠠᠷᠢᠭᠤᠨᠪᠠᠭᠠᠲᠤᠷМонголын өглөө-г · ариунбаатар

ᠦᠭᠡ ᠄ ᠳ · ᠲᠣᠷᠯᠢᠬ

ᠠᠶ᠎ᠠ ᠄ ᠪᠠᠶᠠᠷᠴᠡᠴᠡᠭ

ᠳᠠᠭᠤᠴᠢᠨ ᠄ ᠭ · ᠠᠷᠢᠭᠤᠨᠪᠠᠭᠠᠲᠤᠷ

 

ᠠᠭᠤᠵᠢᠮ ᠲᠠᠯ᠎ᠠ ‍ᠳᠤ ᠎ᠪᠠᠨ ᠠᠳᠤᠭᠤ ᠲᠤᠷᠭᠢᠯᠴᠠᠵᠤ ᠢᠳᠡᠰᠢᠯᠡᠭᠡᠳ

ᠠᠭᠤᠯᠠᠰ ᠎ᠡᠴᠡ ᠲᠠᠰᠤᠷᠠᠵᠤ ᠨᠠᠷᠠᠨ ᠮᠠᠨᠳᠤᠵᠤ ᠬᠥᠭᠡᠷᠦᠨ᠎ᠡ ᠡ

ᠠᠭᠤᠳᠠᠮ ᠮᠣᠩᠭᠣᠯ ᠎ᠳ᠋ᠤ᠌ ᠮᠢᠨᠢ ᠥᠷᠯᠥᠭᠡ ᠮᠡᠨᠳᠦᠯᠡᠬᠦ ᠎ᠪᠡᠷ

ᠤᠷᠭ᠎ᠠ ᠪᠠᠷᠢᠭᠰᠠᠨ ᠠᠳᠤᠭᠤᠴᠢᠨ ᠤᠷᠲᠤ ‍ᠶ᠋ᠢᠨ ᠳᠠᠭᠤᠤ ᠠᠶᠠᠯᠤᠨ᠎ᠠ ᠡ

 

ᠲᠡᠷᠢᠭᠦᠨ ᠳᠡᠨᠵᠢ ᠎ᠳ᠋ᠦ᠍ ᠰᠣᠯᠣᠩᠭ᠎ᠠ ᠲᠠᠲᠠᠵᠤ ᠦᠵᠡᠭᠳᠡᠯ᠎ᠡ

ᠲᠩᠷᠢ ‍ᠶ᠋ᠢᠨ ᠬᠠᠶᠠᠭ᠎ᠠ ᠤᠯᠠᠮ ᠴᠡᠯᠡᠶ᠋ᠢᠨ ᠬᠠᠷᠠᠭᠳᠠᠨ᠎ᠠ

ᠥᠷᠭᠡᠨ ᠮᠣᠩᠭᠣᠯ ᠎ᠳ᠋ᠤ᠌ ᠮᠢᠨᠢ ᠭᠡᠭᠡ ᠲᠠᠲᠠᠬᠤ ᠎ᠪᠠᠷ

ᠥᠷᠥ ᠨᠢᠮᠭᠡᠨ ᠡᠵᠢ ᠮᠢᠨᠢ ᠳᠡᠭᠡᠵᠢ ᠡᠷᠭᠦᠨ᠎ᠡ

 

ᠡᠭᠦᠯᠡ ᠲᠡᠢ ᠨᠠᠷᠠ ᠲᠠᠢ ᠬᠣᠷᠸ᠋᠎ᠠ ᠎ᠳ᠋ᠤ᠌ ᠬᠠᠯᠭᠢᠩᠬᠠᠨ ᠪᠠᠶ᠋ᠢᠨ᠎ᠠ

ᠡᠭᠦᠷᠢᠳᠡ ᠠᠮᠢᠳᠤᠷᠠᠮᠠᠷ ᠮᠣᠩᠭᠣᠯ ᠮᠢᠨᠢ ᠳᠠᠩᠴᠤ ᠶᠡᠬᠡ ᠰᠠᠶ᠋ᠢᠬᠠᠨ

ᠳᠡᠩᠳᠡᠭᠦᠦ ᠲᠤᠩᠭᠠᠯᠠᠭ ᠥᠷᠯᠥᠭᠡ ᠎ᠡᠴᠡ

ᠳᠡᠭᠡᠳᠦ ‍ᠶ᠋ᠢᠨ ᠠᠮᠤᠷ ᠲᠠᠶ᠋ᠢᠪᠤᠩ ‍ᠢ ᠮᠡᠳᠡᠷᠡᠬᠦ ᠶᠤᠮ ᠳ᠋ᠡ

 

ᠭᠡᠭᠡᠨ ᠠᠯᠤᠰ ᠠ᠋ᠴᠠ ᠰᠢᠪᠠᠭᠤᠳ ᠳᠡᠪᠢᠭᠰᠡᠭᠡᠷ ᠪᠠᠭᠤᠯ᠎ᠠ ᠡ

ᠭᠡᠷᠡᠯᠲᠦ ᠬᠣᠷᠸ᠋᠎ᠠ ᠎ᠳ᠋ᠤ᠌ ᠵᠢᠷᠭᠠᠯ ᠳᠠᠭᠠᠭᠤᠯᠵᠤ ᠢᠷᠡᠪᠡ ‍ᠤᠤ

ᠳᠡᠯᠭᠡᠷ ᠮᠣᠩᠭᠣᠯ ‍ᠳᠤ ᠮᠢᠨᠢ ᠦᠷ᠎ᠡ ‍ ‍ᠶ᠋ᠢ ᠨᠢ ᠵᠣᠯᠭᠠᠭᠤᠯᠬᠤ ᠎ᠪᠠᠷ

ᠳᠡᠨᠵᠢ ‍ᠶ᠋ᠢᠨ ᠵᠡᠭᠡᠰᠦᠲᠦ ᠨᠠᠭᠤᠷ ᠲᠡᠭᠷᠢ ᠎ᠳ᠋ᠦ᠍ ᠲᠣᠯᠢᠳᠠᠵᠤ ᠴᠠᠯᠭᠢᠨ᠎ᠠ ᠡ

 

ᠡᠭᠦᠯᠡ ᠲᠡᠢ ᠨᠠᠷᠠ ᠲᠠᠢ ᠬᠣᠷᠸ᠋᠎ᠠ ᠎ᠳ᠋ᠤ᠌ ᠬᠠᠯᠭᠢᠩᠬᠠᠨ ᠪᠠᠶ᠋ᠢᠨ᠎ᠠ

ᠡᠭᠦᠷᠢᠳᠡ ᠠᠮᠢᠳᠤᠷᠠᠮᠠᠷ ᠮᠣᠩᠭᠣᠯ ᠮᠢᠨᠢ ᠳᠠᠩᠴᠤ ᠶᠡᠬᠡ ᠰᠠᠶ᠋ᠢᠬᠠᠨ

ᠳᠡᠩᠳᠡᠭᠦᠦ ᠲᠤᠩᠭᠠᠯᠠᠭ ᠥᠷᠯᠥᠭᠡ ᠎ᠡᠴᠡ

ᠳᠡᠭᠡᠳᠦ ‍ᠶ᠋ᠢᠨ ᠠᠮᠤᠷ ᠲᠠᠶ᠋ᠢᠪᠤᠩ ‍ᠢ ᠮᠡᠳᠡᠷᠡᠬᠦ ᠶᠤᠮ ᠳ᠋ᠡ