ᠮᠢᠨᠦ ᠡᠵᠢ ᠲᠡᠮᠡᠭᠡᠴᠢᠨ-ᠳ ᠣᠳᠬᠣᠨᠵᠢᠷᠭᠠᠯМиний ээж тэмээчин-Minii eej temeechin-Д.Отгонжаргал
ᠮᠢᠨᠦ ᠡᠵᠢ ᠲᠡᠮᠡᠭᠡᠴᠢᠨ
ᠰᠢᠯᠦᠭ᠄ ᠫᠥᠷᠫᠦᠰᠥ᠋ᠷᠦᠩ
ᠠᠶ᠎ᠠ ᠄ ᠰᠠᠮᠪᠢᠳᠣᠷᠵᠢ
ᠳᠠᠭᠤᠴᠢᠨ ᠄ ᠳ ᠣᠳᠬᠣᠨᠵᠢᠷᠭᠠᠯ
ᠵᠠᠬ᠎ᠠ ᠦᠭᠡᠢ ᠭᠣᠪᠢ ᠶ᠋ᠢᠨ ᠦᠵᠡᠰᠭᠦᠯᠡᠩ
ᠵᠠᠭ ᠤᠨ ᠰᠢᠭᠤᠢ ᠳ᠋ᠤ᠌ ᠳᠤᠯᠠᠭᠠᠨ ᠬᠦ᠋
ᠳᠤᠯᠠᠭᠠᠨ ᠭᠣᠪᠢ ᠶ᠋ᠢᠨ ᠬᠠᠪᠤᠷᠵᠢᠶᠠᠨ ᠳ᠋ᠠᠭᠠᠨ
ᠳᠠᠭᠤᠴᠢᠨ ᠡᠵᠢ ᠮᠢᠨᠢ ᠰᠠᠭᠤᠭ᠎ᠠ ᠳ᠋ᠠ
ᠡᠨᠡᠷᠢᠯ ᠦᠨ ᠳᠡᠭᠡᠳᠦ ᠶ᠋ᠢ ᠡᠪᠦᠷᠯᠡᠭᠰᠡᠨ
ᠡᠯᠪᠡᠷᠢᠯᠳᠦ ᠡᠵᠢ ᠮᠢᠨᠢ ᠲᠡᠮᠡᠭᠡᠴᠢᠨ
ᠡᠵᠢ ᠮᠢᠨᠢ ᠲᠡᠮᠡᠭᠡᠴᠢᠨ
ᠰᠠᠷᠠᠨ ᠵᠠᠭᠤᠷ᠎ᠠ ᠳ᠋ᠤ᠌ ᠪᠠᠨ ᠬᠣᠨᠣᠭᠯᠠᠭᠰᠠᠨ
ᠰᠠᠷᠠᠭᠤᠯ ᠭᠣᠪᠢ ᠶ᠋ᠢᠨ ᠴᠠᠶ᠋ᠢᠳᠠᠮ ᠬᠦ᠋
ᠴᠠᠶ᠋ᠢᠳᠠᠮ ᠭᠣᠪᠢ ᠶ᠋ᠢᠨ ᠵᠤᠰᠠᠯᠠᠩ ᠳ᠋ᠤ᠌ ᠪᠠᠨ
ᠴᠠᠶ᠋ᠢᠯᠭᠠᠨ ᠡᠵᠢ ᠮᠢᠨᠢ ᠰᠠᠭᠤᠭ᠎ᠠ ᠳ᠋ᠠ
ᠳᠠᠭᠤᠨ ᠤ ᠤᠬᠠᠭᠠᠨ ᠢᠶ᠋ᠠᠷ
ᠬᠣᠣᠰᠯᠠᠭᠰᠠᠨ
ᠳᠠᠭᠤᠴᠢᠨ ᠡᠵᠢ ᠮᠢᠨᠢ ᠲᠡᠮᠡᠭᠡᠴᠢᠨ
ᠡᠵᠢ ᠮᠢᠨᠢ ᠲᠡᠮᠡᠭᠡᠴᠢᠨ
ᠤᠷᠠᠨ ᠵᠡᠷᠭᠡᠯᠭᠡ ᠲᠣᠳᠣᠷᠠᠭᠰᠠᠨ
ᠤᠨᠢᠶᠠᠷᠲᠤ ᠲᠠᠯ᠎ᠠ ᠮᠢᠨᠢ ᠠᠭᠤᠵᠢᠮ ᠬᠦ᠋
ᠤᠨᠢᠶᠠᠷᠲᠤ ᠲᠠᠯ᠎ᠠ ᠶ᠋ᠢᠨ
ᠨᠠᠮᠤᠷᠵᠢᠶᠠᠨ ᠳ᠋ᠤ᠌ ᠪᠠᠨ
ᠤᠶᠠᠬᠠᠨ ᠡᠵᠢ ᠮᠢᠨᠢ ᠰᠠᠭᠤᠭ᠎ᠠ ᠳ᠋ᠠ
ᠰᠠᠴᠤᠯᠢ ᠶ᠋ᠢᠨ ᠳᠡᠭᠡᠵᠢ ᠶ᠋ᠢ ᠡᠷᠭᠦᠭᠰᠡᠨ
ᠴᠠᠶ᠋ᠢᠯᠭᠠᠨ ᠡᠵᠢ ᠮᠢᠨᠢ ᠲᠡᠮᠡᠭᠡᠴᠢᠨ
ᠡᠵᠢ ᠮᠢᠨᠢ ᠲᠡᠮᠡᠭᠡᠴᠢᠨ
ᠠᠯᠤᠰ ᠤᠨ ᠠᠯᠤᠰ ᠠ᠋ᠴᠠ ᠴᠡᠩᠬᠡᠷᠲᠦᠬᠦ
ᠠᠭᠯᠠᠭ ᠠᠭᠤᠯᠠ ᠮᠢᠨᠢ ᠪᠠᠷ᠎ᠠ ᠲᠠᠢ ᠬᠦ᠋
ᠠᠭᠯᠠᠭ ᠠᠭᠤᠯᠠ ᠶ᠋ᠢᠨ ᠡᠪᠦᠯᠵᠢᠶᠡᠨ ᠳ᠋ᠦ᠍ ᠪᠡᠨ
ᠠᠵᠢᠯᠰᠠᠭ ᠡᠵᠢ ᠮᠢᠨᠢ ᠰᠠᠭᠤᠭ᠎ᠠ ᠳ᠋ᠠ
ᠳᠠᠭᠤᠨ ᠤ ᠤᠶᠠᠩᠭ᠎ᠠ ᠡᠷᠭᠦᠭᠰᠡᠨ
ᠳᠠᠭᠤᠴᠢᠨ ᠡᠵᠢ ᠮᠢᠨᠢ ᠲᠡᠮᠡᠭᠡᠴᠢᠨ
ᠡᠵᠢ ᠮᠢᠨᠢ ᠲᠡᠮᠡᠭᠡᠴᠢᠨ
ᠡᠵᠢ ᠮᠢᠨᠢ ᠲᠡᠮᠡᠭᠡᠴᠢᠨ
