ᠮᠣᠩᠭᠣᠯ ᠬᠥᠮᠦᠨ ᠦ ᠵᠢᠷᠦᠬᠡᠨ ᠦ ᠪᠢᠴᠢᠭᠡᠰᠦ-ᠲᠠᠩᠭᠤᠳ ᠤᠨ ᠭᠠᠯᠰᠠᠩ Монгол хүний зүрхний бичээс--тангады
ᠮᠣᠩᠭᠣᠯ ᠬᠥᠮᠦᠨ ᠦ ᠵᠢᠷᠦᠬᠡᠨ ᠦ ᠪᠢᠴᠢᠭᠡᠰᠦ
ᠲᠠᠩᠭᠤᠳ ᠤᠨ ᠭᠠᠯᠰᠠᠩ
ᠪᠢ
— ᠲᠠᠪᠤᠨ ᠬᠠᠨ᠎ᠠ ᠲᠠᠢ ᠭᠡᠷ ᠲᠦ ᠲᠥᠷᠥᠵᠡᠢ
ᠪᠢ — ᠲᠠᠪᠤᠨ ᠲᠢᠪ
ᠲᠡᠢ ᠳᠡᠯᠡᠬᠡᠢ ᠳᠦ ᠲᠥᠷᠥᠵᠡᠢ
ᠪᠢ — ᠪᠤᠭᠤᠷᠤᠯ ᠲᠡᠦᠬᠡ
ᠲᠡᠢ ᠮᠣᠩᠭᠣᠯ ᠳᠤ ᠲᠥᠷᠥᠵᠡᠢ
ᠪᠢ — ᠪᠤᠷᠬᠠᠳ
ᠮᠡᠨᠳᠦᠯᠡᠳᠡᠭ ᠳᠣᠷᠣᠨ᠎ᠠ ᠳᠤ ᠲᠥᠷᠥᠵᠡᠢ
ᠪᠣᠶ᠋ᠢᠲᠣᠭ ᠤᠨ ᠮᠢᠨᠢ
ᠬᠣᠩᠬᠣ ᠨᠠᠮ᠎ᠠ ᠶ᠋ᠢ ᠬᠥᠯ ᠳᠦ ᠣᠷᠣᠭᠤᠯᠤᠭᠰᠠᠨ
ᠪᠣᠲᠣᠭᠣᠨ ᠪᠣᠶ᠋ᠢᠯᠠᠭᠠ
ᠨᠠᠮ᠎ᠠ ᠶ᠋ᠢ ᠬᠡᠯᠡ ᠳᠦ ᠣᠷᠣᠭᠤᠯᠤᠭᠰᠠᠨ
ᠤᠤᠬᠠᠢ ᠭᠢᠩᠭᠤᠤ ᠨᠠᠳᠠ ᠳᠤ
ᠵᠢᠭᠦᠷ ᠤᠷᠭᠤᠭᠤᠯᠤᠭᠰᠠᠨ
ᠤᠷᠲᠤ ᠶ᠋ᠢᠨ ᠳᠠᠭᠤᠤ
ᠨᠠᠳᠠ ᠳᠤ ᠤᠬᠠᠭᠠᠨ ᠴᠠᠷᠠᠭᠠᠯᠠᠭᠰᠠᠨ
ᠡᠪᠳᠡᠷᠡᠪᠡᠰᠦ ᠪᠢᠳᠡ
ᠬᠤᠪᠢᠶᠠᠬᠤ ᠶ᠋ᠢᠨ ᠬᠦᠷᠳᠦ ᠡ
ᠡᠪᠯᠡᠷᠡᠪᠡᠰᠦ ᠪᠢᠳᠡ
ᠦᠷᠡᠵᠢᠭᠦᠯᠬᠦ ᠶ᠋ᠢᠨ ᠬᠦᠷᠳᠦ ᠡ
ᠡᠨᠡ ᠪᠣᠯ ᠮᠢᠨᠦ
ᠵᠢᠷᠦᠬᠡᠨ ᠦ ᠪᠢᠴᠢᠭᠡᠰᠦ ᠡ
ᠡᠪᠯᠡᠷᠡᠭᠰᠡᠨ ᠴᠠᠭ ᠲᠦ
ᠪᠠᠨ ᠮᠣᠩᠭᠣᠯᠴᠤᠳ ᠪᠢᠳᠡ ᠬᠦᠴᠦᠲᠡᠢ ᠡ
ᠠᠪᠳᠠᠷ᠎ᠠ ᠳᠣᠲᠣᠷ᠎ᠠ
ᠪᠠᠨ ᠰᠤᠳᠤᠷ ᠮᠢᠨᠢ ᠪᠠᠭᠲᠠᠳᠠᠭ
ᠠᠲᠠᠨ ᠤ ᠪᠡᠨ ᠨᠢᠷᠤᠭᠤᠨ ᠳᠡᠭᠡᠷ᠎ᠡ ᠭᠡᠷ ᠮᠢᠨᠢ ᠪᠠᠭᠲᠠᠳᠠᠭ
ᠦᠷᠭᠦᠭᠡᠨ ᠲᠣᠭᠣᠨᠣ
ᠪᠠᠷ ᠮᠢᠨᠢ ᠨᠠᠷᠠᠨ ᠪᠠᠭᠲᠠᠳᠠᠭ
ᠦᠩᠬᠦᠯᠴᠡᠭ ᠳᠣᠲᠣᠷ᠎ᠠ
ᠮᠢᠨᠢ ᠣᠷᠴᠢᠯᠠᠩ ᠣᠷᠴᠢᠳᠠᠭ ᠡ
ᠪᠢ — ᠳᠡᠯᠡᠬᠡᠢ
ᠬᠡᠪᠲᠡᠢ ᠭᠡᠷ ᠦᠨ ᠡᠵᠡᠨ
ᠪᠢ — ᠳᠡᠭᠡᠭᠰᠢ ᠪᠡᠨ
ᠵᠠᠶᠠᠭᠠᠲᠠᠢ ᠪᠤᠶᠠᠨ ᠤ ᠡᠵᠡᠨ
ᠪᠢ — ᠳᠡᠭᠡᠷ᠎ᠡ ᠪᠡᠨ
ᠨᠠᠷᠠᠲᠠᠢ ᠲᠩᠷᠢ ᠶ᠋ᠢᠨ ᠡᠵᠡᠨ
ᠪᠢ — ᠳᠡᠭᠡᠳᠦᠰ ᠡᠴᠡ
ᠵᠠᠷᠯᠢᠬ ᠲᠠᠢ ᠮᠣᠩᠭᠣᠯ ᠤᠨ ᠡᠵᠡᠨ
ᠪᠢ — ᠲᠠᠪᠤᠨ ᠬᠣᠰᠢᠭᠤ
ᠰᠦᠷᠦᠭ ᠦᠨ ᠡᠵᠡᠨ
ᠪᠢ — ᠲᠠᠯ᠎ᠠ ᠬᠠᠩᠭᠠᠢ
ᠭᠣᠪᠢ ᠶ᠋ᠢᠨ ᠡᠵᠡᠨ
ᠪᠢ — ᠯᠤᠤᠰ ᠲᠠᠢ
ᠬᠥᠬᠡ ᠤᠰᠤᠨ ᠤ ᠡᠵᠡᠨ
ᠪᠢ — ᠯᠤᠤ ᠲᠠᠢ ᠬᠥᠬᠡ
ᠲᠡᠭᠷᠢ ᠶ᠋ᠢᠨ ᠡᠵᠡᠨ
