ᠪᠦᠰᠡᠭᠦᠢ ᠬᠥᠮᠦᠨ-ᠱ ᠳᠤᠯᠮ᠎ᠠБүсгүй хүн-Ш.Дулмаа
ᠪᠦᠰᠡᠭᠦᠢ ᠬᠦᠮᠦᠨ
ᠱ ᠳᠤᠯᠮ᠎ᠠ
ᠬᠠᠷᠠᠴᠤᠤᠯ ᠤᠨ ᠪᠢᠷ᠎ᠠ
ᠵᠢᠭᠠᠭᠰᠠᠨ ᠴᠢᠳᠠᠯ ᠲᠡᠩᠬᠡᠭᠡ ᠶᠢ ᠪᠢᠰᠢᠷᠡᠵᠦ
ᠬᠠᠮᠤᠭ ᠤᠨ ᠡᠩ ᠦᠨ ᠠᠭᠠᠳ ᠭᠦᠨᠳᠦᠦ ᠦᠭᠡᠢ
ᠴᠢᠨᠠᠷ ᠢ ᠨᠢ ᠳᠡᠭᠡᠳᠦᠯᠡᠨ
ᠬᠠᠨ ᠠᠭᠤᠯᠠ ᠰᠢᠭ᠋ ᠨᠣᠶᠠᠨ ᠨᠢᠷᠤᠭᠤ ᠶᠢ ᠨᠢ
ᠲᠦᠰᠢᠵᠦ
ᠬᠠᠢᠯᠭᠠᠨ ᠵᠠᠩ ᠢᠶᠠᠷ ᠤᠶᠠᠷᠠᠭᠠᠨ ᠡᠷᠬᠡᠯᠡᠵᠦ
ᠰᠠᠭᠤᠬᠤ ᠭᠡᠵᠦ
ᠤᠶᠠᠬᠠᠨ ᠳᠠᠭᠤᠤ ᠠᠶᠠᠯᠵᠤ ᠲᠤᠶᠠᠬᠠᠨ ᠪᠡᠶ᠎ᠡ ᠲᠡᠢ
ᠲᠦᠷᠦᠭᠰᠡᠨ
ᠤᠷᠲᠤ ᠰᠠᠢᠬᠠᠨ ᠭᠡᠵᠢᠭᠡ᠂ ᠭᠤᠸᠠᠯᠢᠭ
ᠨᠢᠷᠤᠭᠤ ᠲᠠᠢ ᠵᠠᠶᠠᠭᠠᠭᠰᠠᠨ
ᠪᠦᠰᠡᠭᠦᠢ ᠬᠦᠮᠦᠨ ᠭᠡᠳᠡᠭ ᠠᠮᠢᠯᠠᠭᠰᠠᠨ ᠭᠡᠭᠡᠨ 《ᠳ᠋ᠠᠷ᠎ᠠ ᠡᠬᠡ》
ᠪᠦᠬᠦᠢ ᠯᠠ ᠣᠷᠴᠢᠯᠠᠩ ᠤᠨ ᠲᠦᠮᠡᠨ ᠳᠦ ᠠᠮᠢᠳᠤᠷᠠᠯ
ᠬᠠᠢᠷᠠᠯᠠᠭᠰᠠᠨ ᠳᠠᠭᠢᠨᠢᠰ᠂
ᠲᠡᠭᠰᠢᠬᠡᠨ ᠵᠠᠶᠠᠭ᠎ᠠ ᠲᠠᠢ ᠠᠢᠯ ᠤᠨ ᠨᠤᠭᠤᠷᠠᠰᠢ ᠦᠭᠡᠢ
ᠨᠢᠭᠡᠨ ᠨᠢᠷᠤᠭᠤ ᠨᠢ
ᠲᠡᠭᠷᠢᠯᠢᠭ ᠰᠠᠢᠬᠠᠨ ᠠᠮᠢᠳᠤᠷᠠᠯ ᠤᠨ
ᠬᠤᠭᠤᠷᠠᠰᠢ ᠦᠭᠡᠢ ᠨᠢᠭᠡᠨ ᠪᠠᠭᠠᠨ᠎ᠠ ᠨᠢ
ᠬᠣᠩᠭᠣᠷ ᠪᠢᠴᠢᠬᠠᠨ ᠦᠷᠡᠰ ᠲᠦ ᠪᠡᠨ ᠥᠷᠯᠥᠭ
ᠳᠠᠭᠢᠨᠢ ᠡᠬᠡ᠂
ᠬᠣᠣᠰ ᠦᠭᠡᠢ ᠢᠨᠠᠭ ᠬᠠᠨᠢ ᠳᠦ ᠪᠡᠨ ᠡᠭᠦᠷᠢᠳᠡ
ᠲᠤᠶᠠᠭᠠᠷᠠᠬᠤ ᠳ᠋ᠧᠩᠯᠦ!
ᠬᠣᠲᠠᠯᠠ ᠣᠯᠠᠨ ᠲᠦᠮᠡᠨ ᠳᠤ ᠪᠠᠨ ᠦᠢᠯᠡᠰ ᠦᠨ
ᠤᠷᠠᠨ ᠡᠵᠡᠨ
ᠬᠣᠷᠸ᠎ᠠ ᠳᠡᠯᠡᠬᠡᠢ ᠶᠢᠨ ᠴᠡᠭᠡᠵᠢᠨ ᠳᠦ ᠦᠨᠡᠨ ᠢ
ᠳᠠᠭᠤᠯᠠᠬᠤ ᠡᠭᠡᠰᠢᠭ
ᠪᠦᠰᠡᠭᠦᠢ ᠬᠦᠮᠦᠨ ᠭᠡᠳᠡᠭ ᠠᠮᠢᠯᠠᠭᠰᠠᠨ ᠭᠡᠭᠡᠨ 《ᠳ᠋ᠠᠷ᠎ᠠ ᠡᠬᠡ》
ᠪᠦᠬᠦᠢ ᠯᠠ ᠣᠷᠴᠢᠯᠠᠩ ᠤᠨ ᠲᠦᠮᠡᠨ ᠳᠦ ᠠᠮᠢᠳᠤᠷᠠᠯ
ᠬᠠᠢᠷᠠᠯᠠᠭᠰᠠᠨ ᠳᠠᠭᠢᠨᠢᠰ᠃
ᠬᠡᠦᠬᠡᠨ ᠨᠦᠭᠦᠳ ᠦᠨ ᠬᠠᠢᠷ᠎ᠠ᠂ ᠳᠥᠯᠭᠡᠨ
ᠬᠠᠷᠠᠴᠠ ᠦᠭᠡᠢ ᠪᠣᠯ
ᠬᠦᠮᠦᠨ ᠦ ᠣᠷᠴᠢᠯᠠᠩ ᠤᠨ ᠵᠢᠷᠭᠠᠯ ᠶᠠᠭᠤ ᠪᠠᠢᠭᠰᠠᠨ ᠪᠢᠯᠡ
ᠬᠡᠦᠬᠡᠨ ᠨᠦᠭᠦᠳ ᠦᠨ ᠬᠠᠯᠠᠮᠵᠢ ᠡᠬᠡ ᠶᠢᠨ
ᠰᠡᠳᠬᠢᠯ ᠦᠭᠡᠢ ᠪᠣᠯ
ᠬᠡᠦᠬᠡᠳ ᠦᠨ ᠵᠢᠷᠦᠬᠡᠨ ᠳᠦ ᠥᠯᠥᠭᠡᠢ ᠶᠢᠨ ᠳᠠᠭᠤᠤ
ᠬᠡᠨ ᠠᠶᠠᠯᠤᠭᠰᠠᠨ ᠪᠢᠯᠡ
ᠡᠷᠭᠢᠬᠦ ᠬᠣᠷᠸ᠎ᠠ ᠳᠤ ᠠᠩᠬ᠎ᠠ ᠮᠡᠨᠳᠦᠯᠡᠬᠦ ᠳᠦ ᠪᠡᠨ
ᠡᠵᠢ ᠶᠢᠨ ᠢᠶᠠᠨ ᠪᠦᠪᠡᠢ ᠶᠢ ᠠᠩᠬ᠎ᠠ
ᠰᠣᠨᠣᠰᠤᠭᠰᠠᠨ ᠦᠷᠡᠰ
ᠠᠭᠤᠳᠠᠮ ᠭᠦᠨ ᠣᠷᠴᠢᠯᠠᠩ ᠤᠨ ᠤᠶᠠᠩᠭ᠎ᠠ ᠶᠢ
ᠲᠡᠭᠡᠵᠦ ᠮᠡᠳᠡᠷᠡᠬᠦ ᠳᠦ ᠪᠡᠨ
ᠤᠨᠲᠠᠬᠤ ᠳᠤ ᠪᠠᠨ ᠬᠦᠷᠲᠡᠯ᠎ᠡ ᠦᠨᠡᠭᠡᠴᠢᠯᠡᠨ
ᠮᠢᠰᠢᠶᠡᠳᠡᠭ ᠪᠤᠰᠤ ᠤᠤ?
ᠥᠷᠭᠥᠭᠡ ᠭᠡᠷ ᠲᠦ ᠪᠡᠨ ᠠᠰᠠᠭᠠᠭᠰᠠᠨ ᠭᠠᠯ
ᠭᠣᠯᠣᠮᠲᠠ ᠨᠢ ᠥᠭᠡᠳᠡᠷᠡᠭ
ᠥᠷᠥ ᠵᠢᠷᠦᠬᠡᠨ ᠳᠦ ᠪᠡᠨ ᠳᠡᠭᠡᠳᠦᠯᠡᠭᠰᠡᠨ ᠬᠠᠢᠷ᠎ᠠ
ᠰᠡᠳᠬᠢᠯ ᠨᠢ ᠦᠨᠡᠨᠴᠢ
ᠲᠥᠷᠥ ᠤᠯᠤᠰ ᠲᠤ ᠪᠠᠨ ᠡᠷᠭᠦᠬᠦ ᠦᠢᠯᠡᠰ ᠨᠢ
ᠠᠷᠢᠭᠤᠨ
ᠲᠦᠮᠡᠨ ᠣᠯᠠᠨ ᠳᠤ ᠪᠠᠨ ᠠᠶᠠᠯᠬᠤ ᠡᠭᠡᠰᠢᠭ ᠳᠠᠭᠤᠤ
ᠨᠢ ᠤᠶᠠᠩᠭᠠᠯᠢᠭ
ᠪᠦᠰᠡᠭᠦᠢ ᠬᠦᠮᠦᠨ ᠭᠡᠳᠡᠭ ᠠᠮᠢᠯᠠᠭᠰᠠᠨ ᠭᠡᠭᠡᠨ 《ᠳ᠋ᠠᠷ᠎ᠠ ᠡᠬᠡ》
ᠪᠦᠬᠦᠢ ᠯᠠ ᠣᠷᠴᠢᠯᠠᠩ ᠤᠨ ᠲᠦᠮᠡᠨ ᠳᠦ ᠠᠮᠢᠳᠤᠷᠠᠯ
ᠬᠠᠢᠷᠠᠯᠠᠭᠰᠠᠨ ᠳᠠᠭᠢᠨᠢᠰ
ᠮᠢᠰᠢᠯᠵᠡᠨ ᠳᠤᠨᠢᠶᠠᠷᠠᠬᠤ ᠲᠠᠯᠮᠢᠶᠠᠨ ᠳᠤ ᠨᠢ ᠭᠠᠩ ᠲᠡᠮᠦᠷ ᠴᠤ᠌ ᠤᠶᠠᠰᠬᠤ
ᠮᠡᠯᠮᠡᠷᠡᠨ ᠳᠤᠰᠤᠯᠠᠬᠤ ᠨᠢᠯᠪᠤᠰᠤᠨ ᠳᠤ ᠨᠢ 《ᠭᠠᠯᠵᠠᠭᠤ》 ᠪᠠᠷᠰ ᠴᠤ᠌ ᠤᠶᠠᠷᠠᠬᠤ
ᠪᠠᠢᠭᠠᠯᠢ ᠡᠬᠡ ᠡᠴᠡ ᠵᠠᠶᠠᠭ᠎ᠠ ᠲᠠᠢ ᠭᠣᠸ᠎ᠠ
ᠲᠠᠩᠰᠤᠭ ᠤᠨ ᠣᠬᠢ᠂
ᠪᠠᠶᠠᠷ ᠵᠢᠷᠭᠠᠯ ᠠᠴᠠ ᠤᠶᠠᠭ᠎ᠠ ᠲᠠᠢ ᠭᠣᠶᠣ ᠰᠠᠢᠬᠠᠨ ᠤ
ᠣᠳᠣ᠂
ᠪᠦᠰᠡᠭᠦᠢ ᠬᠦᠮᠦᠨ ᠬᠣᠷᠸ᠎ᠠ ᠳᠡᠯᠡᠬᠡᠢ ᠶᠢᠨ
ᠤᠶᠠᠩᠭ᠎ᠠ
ᠪᠥᠬᠥᠰᠢ ᠦᠭᠡᠢ ᠠᠮᠢᠳᠤᠷᠠᠯ ᠬᠠᠢᠷᠠᠯᠠᠬᠤ ᠬᠣᠶᠠᠷ 《ᠲᠤᠢᠯ ᠤᠨ》 ᠨᠢᠭᠡ᠃
