ᠡᠵᠢ ᠶᠢᠨ ᠳᠠᠭᠤᠨ ᠤ ᠴᠣᠮᠣᠷᠯᠢᠭЭэжийн дууны цоморлиг
ᠡᠵᠢ ᠶ᠋ᠢᠨ ᠳᠤᠬᠠᠢ ᠳᠠᠭᠤᠨ ᠤ ᠴᠣᠮᠣᠷᠯᠢᠭ
ᠬᠡᠷᠪᠡ ᠬᠥᠮᠥᠰ
ᠴᠡᠴᠡᠭᠬᠡᠨ ᠭᠡᠪᠡᠯ
ᠬᠡᠭᠡᠷ᠎ᠡ ᠲᠠᠯ᠎ᠠ ᠶ᠋ᠢᠨ
ᠬᠡᠨᠵᠡᠬᠡᠨ ᠰᠠᠷᠠᠨᠠᠢ ᠨᠢ ᠪᠢ
ᠠᠷᠢᠭᠤᠨ ᠳᠡᠯᠡᠬᠡᠢ ᠰᠢᠭ
ᠠᠴᠢᠯᠠᠯᠲᠤ ᠡᠵᠢ ᠲᠠᠨ ᠤ ᠬᠢ ᠪᠡᠨ
ᠠᠯᠠᠭᠠᠨ ᠤ ᠲᠣᠯᠢᠶ᠎ᠠ ᠳᠡᠭᠡᠷ᠎ᠡ ᠤᠷᠭᠤᠭᠰᠠᠨ ᠪᠠᠶ᠋ᠢᠵᠤ ᠲᠠᠭᠠᠷᠠᠨ᠎ᠠ
ᠠᠷᠢᠭᠤᠨ ᠳᠡᠯᠡᠬᠡᠢ ᠰᠢᠭ
ᠠᠴᠢᠯᠠᠯᠲᠤ ᠡᠵᠢ ᠲᠠᠨ ᠤ ᠬᠢ ᠪᠡᠨ
ᠠᠯᠠᠭᠠᠨ ᠤ ᠲᠣᠯᠢᠶ᠎ᠠ
ᠳᠡᠭᠡᠷ᠎ᠡ ᠤᠷᠭᠤᠭᠰᠠᠨ ᠪᠠᠶ᠋ᠢᠵᠤ ᠲᠠᠭᠠᠷᠠᠨ᠎ᠠ᠃
ᠬᠣᠷᠸ᠎ᠠ
ᠳᠡᠯᠡᠬᠡᠢ ᠳ᠋ᠦ᠍ ᠰᠣᠨᠣᠰᠤᠭᠰᠠᠨ
ᠡᠵᠢ ᠶ᠋ᠢᠨ
ᠪᠦᠪᠡᠢ ᠶ᠋ᠢᠨ ᠠᠩᠬᠠᠨ ᠤ ᠳᠠᠭᠤᠤ
ᠬᠣᠩᠭᠣᠷ ᠵᠢᠷᠦᠬᠡ ᠶ᠋ᠢ
ᠤᠶᠠᠷᠠᠭᠠᠭᠰᠠᠨ
ᠡᠭᠡᠯᠢ ᠶᠢᠨ ᠴᠠᠭᠠᠨ
ᠤᠶᠠᠬᠠᠨ ᠳᠠᠭᠤᠤ
ᠡᠵᠢ ᠶ᠋ᠢᠨ
ᠪᠦᠪᠡᠢ ᠶ᠋ᠢᠨ ᠡᠨᠡ ᠳᠠᠭᠤᠤ
ᠡᠭᠡᠰᠢᠭ ᠨᠠᠳᠠ ᠳ᠋ᠤ᠌ ᠬᠠᠶ᠋ᠢᠷᠠᠯᠠᠭᠰᠠᠨ
ᠡᠵᠢ ᠶ᠋ᠢᠨ
ᠪᠦᠪᠡᠢ ᠶ᠋ᠢᠨ ᠡᠨᠡ ᠳᠠᠭᠤᠤ
ᠡᠨᠡ ᠯᠡ ᠮᠢᠨᠦ
ᠳᠠᠭᠤᠯᠠᠬᠤ ᠳᠠᠭᠤᠤ
ᠡᠵᠢ ᠶ᠋ᠢᠨ
ᠪᠦᠪᠡᠢ ᠶ᠋ᠢᠨ ᠳᠠᠭᠤᠤ᠃
ᠨᠤᠲᠤᠭ ᠤᠨ ᠴᠡᠩᠬᠡᠷ
ᠠᠭᠤᠯᠠᠨ ᠳ᠋ᠤ᠌ ᠨᠢ
ᠤᠨᠢᠶᠠᠷ ᠪᠤᠳᠠᠩ ᠬᠥᠰᠢᠭᠡᠯᠡᠵᠦ ᠪᠠᠶ᠋ᠢᠭ᠎ᠠ ᠳ᠋ᠠ
ᠨᠠᠭᠤᠷ ᠤᠨ ᠰᠢᠪᠠᠭᠤᠳ
ᠭᠠᠩᠭᠠᠨᠠᠨ ᠨᠢᠰᠬᠦ ᠳ᠋ᠦ᠍
ᠤᠬᠠᠭᠠᠨᠲᠤ ᠡᠵᠢ ᠮᠢᠨᠢ
ᠤᠶ᠋ᠢᠮᠤᠷᠠᠬᠤ ᠪᠢᠯᠡ
ᠰᠡᠳᠬᠢᠯ ᠮᠢᠨᠢ ᠶᠠᠭᠠᠷᠠᠬᠤ
ᠶᠤᠮ
ᠡᠵᠢ ᠪᠡᠨ ᠵᠡᠭᠦᠳᠦᠯᠡᠬᠦ
ᠶᠤᠮ
ᠰᠠᠨᠴᠢᠭ ᠪᠤᠭᠤᠷᠤᠯ ᠡᠵᠢ
ᠮᠢᠨᠢ
ᠪᠠᠶ᠋ᠢᠨ ᠪᠠᠶ᠋ᠢᠨ
ᠪᠣᠳᠣᠭᠳᠠᠬᠤ ᠶᠤᠮ᠃
ᠵᠡᠭᠦᠳᠦ ᠰᠦᠨᠢ ᠶ᠋ᠢᠨ
ᠬᠣᠷᠸ᠎ᠠ ᠶ᠋ᠢ ᠤᠶᠠᠷᠠᠭᠠᠵᠤ
ᠵᠢᠷᠦᠬᠡᠨ ᠡᠴᠡ
ᠠᠶᠠᠯᠤᠭᠰᠠᠨ ᠡᠵᠢ ᠶ᠋ᠢᠨ ᠪᠦᠪᠡᠢ
ᠨᠠᠮᠤᠭᠤᠨ ᠦᠳᠡᠰᠢ ᠶ᠋ᠢ
ᠨᠠᠳᠠ ᠲᠠᠢ ᠬᠠᠮᠲᠤ ᠡᠩᠬᠦᠷᠡᠶ᠋ᠢᠯᠡᠵᠦ
ᠨᠠᠰᠤᠨ ᠤ
ᠬᠣᠷᠸ᠎ᠠ ᠶ᠋ᠢ ᠤᠶᠠᠷᠠᠭᠠᠨ ᠵᠢᠷᠭᠠᠭᠠᠨ᠎ᠠ
ᠪᠦᠪᠡᠢ ᠪᠦᠪᠡᠢ ᠠᠯᠠᠭ
ᠦᠷ᠎ᠡ ᠪᠦᠪᠡᠢ
ᠪᠦᠪᠡᠢ ᠪᠦᠪᠡᠢ ᠠᠯᠲᠠᠨ
ᠳᠡᠯᠡᠬᠡᠢ ᠪᠦᠪᠡᠢ
ᠪᠦᠪᠡᠢ ᠪᠦᠪᠡᠢ ᠠᠯᠠᠭ
ᠦᠷ᠎ᠡ ᠪᠦᠪᠡᠢ
ᠪᠦᠪᠡᠢ ᠪᠦᠪᠡᠢ ᠠᠯᠲᠠᠨ
ᠳᠡᠯᠡᠬᠡᠢ ᠪᠦᠪᠡᠢ᠃
ᠨᠠᠷᠠᠯᠠᠭ
ᠬᠣᠷᠸ᠎ᠠ ᠳ᠋ᠤ᠌ ᠵᠢᠷᠭᠠᠬᠤ ᠪᠡᠶ᠎ᠡ ᠶ᠋ᠢ
ᠨᠠᠳᠠ ᠳ᠋ᠤ᠌ ᠪᠠᠨ ᠡᠵᠢ
ᠮᠢᠨᠢ ᠵᠠᠶᠠᠭᠠᠭᠰᠠᠨ ᠪᠢᠯᠡ
ᠤᠬᠠᠭᠠᠷᠠᠵᠤ ᠭᠦᠢᠴᠡᠭᠡ
ᠥᠬᠡᠢ ᠭᠡᠨᠡᠨ ᠰᠡᠳᠬᠢᠯ ᠢ
ᠠᠭᠤᠵᠢᠮ ᠪᠣᠯᠭᠠᠨ
ᠲᠡᠯᠡᠭᠰᠡᠨ ᠪᠢᠯᠡ
ᠠ ᠠ ᠠ ᠨᠠᠳᠠ ᠳ᠋ᠤ᠌ ᠪᠠᠨ ᠡᠵᠢ ᠮᠢᠨᠢ ᠵᠠᠶᠠᠭᠠᠭᠰᠠᠨ ᠪᠢᠯᠡ᠃
ᠠᠯᠲᠠᠨ ᠳᠡᠯᠡᠬᠡᠢ ᠳ᠋ᠦ᠍
ᠦᠷ᠎ᠡ ᠶ᠋ᠢᠨ ᠪᠦᠪᠡᠢ ᠲᠡᠢ ᠬᠠᠮᠲᠤ ᠵᠠᠶᠠᠭᠠᠭᠰᠠᠨ
ᠠᠩᠭᠢᠷ ᠤᠭᠤᠷᠠᠭ ᠢᠶ᠋ᠠᠨ
ᠰᠢᠮᠡᠭᠦᠯᠦᠨ ᠥᠰᠬᠡᠬᠦ ᠪᠤᠶᠠᠨ ᠲᠠᠢ ᠲᠥᠷᠥᠭᠰᠡᠨ
ᠠᠲᠠᠷ ᠬᠡᠭᠡᠷ᠎ᠡ ᠶ᠋ᠢᠨ
ᠠᠩᠭᠢᠯᠤᠮ᠎ᠠ ᠴᠡᠴᠡᠭ ᠤᠨ ᠦᠨᠦᠷ ᠰᠢᠩᠭᠡᠭᠰᠡᠨ
ᠠᠯᠢᠶ᠎ᠠ ᠬᠥᠭᠡᠷᠦᠬᠦᠨ
ᠦᠷ᠎ᠡ ᠶ᠋ᠢᠨ ᠢᠶ᠋ᠠᠨ ᠳᠠᠭᠤᠨ ᠳ᠋ᠤ᠌ ᠰᠡᠳᠬᠢᠯ ᠪᠠᠶᠠᠰᠤᠭᠰᠠᠨ
ᠵᠠᠯᠠᠭᠤ ᠴᠦ᠍
ᠶᠠᠪᠤᠭᠰᠠᠨ ᠂ ᠰᠠᠶ᠋ᠢᠬᠠᠨ ᠴᠦ᠍ ᠶᠠᠪᠤᠭᠰᠠᠨ ᠮᠢᠨᠦ ᠡᠵᠢ
ᠵᠤᠨ ᠣᠯᠠᠨ ᠤ ᠪᠠᠨ
ᠬᠠᠶ᠋ᠢᠷ᠎ᠠ ᠶ᠋ᠢ ᠲᠠᠲᠠᠭᠰᠠᠨ ᠮᠢᠨᠦ ᠡᠵᠢ
ᠵᠠᠯᠠᠭᠤ ᠴᠦ᠍
ᠶᠠᠪᠤᠭᠰᠠᠨ ᠂ ᠰᠠᠶ᠋ᠢᠬᠠᠨ ᠴᠦ᠍ ᠶᠠᠪᠤᠭᠰᠠᠨ ᠮᠢᠨᠦ ᠡᠵᠢ
ᠵᠤᠨ ᠣᠯᠠᠨ ᠤ ᠪᠠᠨ
ᠬᠠᠶ᠋ᠢᠷ᠎ᠠ ᠶ᠋ᠢ ᠲᠠᠲᠠᠭᠰᠠᠨ ᠮᠢᠨᠦ ᠡᠵᠢ
