ᠡᠷ᠎ᠡ ᠬᠥᠮᠦᠨ- ᠰᠢᠯᠦᠭЭр хүн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷ᠎ᠡ ᠬᠥᠮᠦᠨ- ᠰᠢᠯᠦᠭЭр хүн

ᠡᠷ᠎ᠡ ᠬᠥᠮᠦᠨ- ᠰᠢᠯᠦᠭЭр хүн

2022-12-19

673

ᠡᠷ᠎ᠡ ᠬᠥᠮᠦᠨ

 ᠡᠷ᠎ᠡ ᠬᠥᠮᠦᠨ
 
ᠪᠦᠰᠡᠭᠦᠢ ᠬᠥᠮᠦᠨ ᠪ ᠳᠡᠷᠭᠡᠳᠡ ᠬᠠᠭᠠᠨ ᠨᠢ ᠪᠠᠢᠭ
 
ᠪᠦᠲᠡᠬᠢ ᠣᠲᠣᠨ ᠪ ᠬᠠᠵᠠᠭᠤ ᠳᠤ ᠰᠠᠷᠠᠨ ᠪᠠᠢᠭ
 
ᠪᠦᠯᠢᠶᠡᠨ ᠡᠨᠡ ᠣᠷᠴᠢᠯᠠᠩ  ᠤᠨ ᠨᠠᠷᠠᠨ ᠪᠠᠢᠭ
 
ᠪᠦᠲᠦᠨ ᠡᠨᠡ ᠮᠣᠩᠭᠣᠯ  ᠤᠨ ᠡᠵᠡᠨ ᠨᠢ ᠪᠠᠢᠭ

 ᠡᠷ᠎ᠡ ᠬᠥᠮᠦᠨ

 
ᠣᠷᠭᠢᠯ ᠥᠨᠳᠥᠷ ᠠᠭᠤᠯᠠᠰ  ᠤᠨ ᠰᠠᠯᠬᠢᠨ ᠨᠢ ᠪᠠᠢᠭ
 
ᠣᠷᠣᠰᠢᠬᠤᠢ ᠶᠡᠬᠡ ᠦᠨᠡᠨ  ᠤ ᠣᠴᠢᠭ ᠨᠢ ᠪᠠᠢᠭ
 
ᠣᠯᠠᠨᠲᠠ ᠡᠨᠡ ᠠᠮᠢᠳᠤᠷᠠᠯ  ᠤᠨ ᠭᠠᠯ ᠨᠢ ᠪᠠᠢᠭ
 
ᠣᠮᠣᠭ ᠲᠡᠭᠦᠯᠳᠡᠷ ᠮᠣᠩᠭᠣᠯ  ᠤᠨ ᠰᠦᠷ ᠨᠢ ᠪᠠᠢᠭ

 ᠡᠷ᠎ᠡ ᠬᠥᠮᠦᠨ

 
ᠡᠩᠭᠡᠷ ᠵᠥᠭᠡᠯᠡᠨ ᠡᠵᠢ ᠳᠤ ᠎ᠪᠠᠨ ᠎ᠦᠷ᠎ᠡ ᠨᠢ ᠪᠠᠢᠭ
 
ᠡᠷᠴᠢᠬᠡᠨ ᠬᠠᠲᠠᠭᠤ ᠠᠪᠤ ᠳᠤ ᠎ᠪᠠᠨ ᠪᠠᠬᠠᠷᠬᠠᠯ ᠨᠢ ᠪᠠᠢᠭ
 
ᠡᠨᠳᠡᠭᠦᠦ ᠠᠨᠳᠠᠭᠤ ᠬᠠᠭᠠᠴᠠᠯ ᠳᠤ ᠨᠢᠯᠪᠤᠰᠤ ᠨᠢ ᠪᠠᠢᠭ
 
ᠡᠭᠡᠯ ᠡᠨᠡ ᠮᠣᠩᠭᠣᠯ  ᠤᠨ ᠲᠦᠰᠢᠭ ᠨᠢ ᠪᠠᠢᠭ

 ᠡᠷ᠎ᠡ ᠬᠥᠮᠦᠨ

 
ᠪᠦᠰᠡᠯᠡᠭᠦᠷᠲᠦ ᠡᠨᠡ ᠶᠢᠷᠲᠢᠨᠴᠦ  ᠶᠢᠨ ᠤᠬᠠᠭᠠᠷᠠᠯ ᠨᠢ ᠪᠠᠢᠭ
 
ᠪᠦᠷᠭᠦᠳ ᠳᠡᠭᠦᠯᠢᠬᠦ ᠬᠠᠯᠢᠯ ᠳᠤ ᠵᠣᠷᠢᠭ ᠨᠢ ᠪᠠᠢᠭ
 
ᠪᠦᠳᠦᠷᠢᠵᠦ ᠪᠣᠰᠤᠭᠰᠠᠨ ᠦᠷᠡᠰ  ᠤᠨ  ᠢᠶᠠᠨ ᠠᠪᠤ ᠨᠢ ᠪᠠᠢᠭ
 
ᠪᠦᠷᠢᠨ ᠡᠨᠡ ᠮᠣᠩᠭᠣᠯ  ᠤᠨ ᠰᠦᠯᠳᠡ ᠨᠢ ᠪᠠᠢᠭ

 ᠡᠷ᠎ᠡ ᠬᠥᠮᠦᠨ

 
ᠥᠬᠢᠳ ᠡᠮᠡᠰ ᠤᠨ ᠬᠠᠷᠠᠴᠠᠨ  ᠳᠤ ᠰᠢᠲᠦᠭᠡᠨ ᠨᠢ ᠪᠠᠢᠭ
 
ᠣᠯᠣᠮ ᠦᠭᠡᠢ ᠨᠡᠭᠦᠳᠡᠯ  ᠤᠨ ᠵᠠᠮ  ᠳᠤ ᠢᠲᠡᠭᠡᠯ ᠨᠢ ᠪᠠᠢᠭ
 
ᠣᠭᠣᠲᠣᠷ ᠡᠨᠡ ᠲᠠᠪᠢᠯᠠᠩ  ᠤᠨ ᠵᠦᠭ ᠴᠢᠭ ᠨᠢ ᠪᠠᠢᠭ
 
ᠣᠭᠣᠰᠣᠷ ᠪᠦᠴᠡ ᠦᠭᠡᠢ ᠮᠣᠩᠭᠣᠯ  ᠤᠨ ᠵᠢᠷᠦᠬᠡ ᠨᠢ ᠪᠠᠢᠭ

 ᠡᠷ᠎ᠡ ᠬᠥᠮᠦᠨ

 
ᠰᠡᠷᠡᠵᠦ ᠪᠣᠰᠤᠭᠰᠠᠨ ᠲᠡᠦᠬᠡ  ᠶᠢᠨ ᠢᠯᠳᠦ ᠨᠢ ᠪᠠᠢᠭ
 
ᠰᠡᠷᠢᠭᠦᠨ ᠨᠠᠮᠤᠷ  ᠤᠨ ᠨᠠᠢᠷ ᠲᠤ ᠳᠠᠭᠤᠤ ᠨᠢ ᠪᠠᠢᠭ
 
ᠰᠡᠯᠭᠦᠭᠡᠨ ᠦᠭᠡᠢ ᠲᠡᠮᠡᠴᠡᠯ ᠳᠤ ᠢᠯᠠᠯᠲᠠ ᠨᠢ ᠪᠠᠢᠭ

 ᠰᠡᠬᠡᠭᠦᠨ ᠡᠨᠡ ᠮᠣᠩᠭᠣᠯ  ᠤᠨ ᠰᠡᠳᠬᠢᠯ ᠨᠢ ᠪᠠᠢᠭ


 ᠡᠷ᠎ᠡ ᠬᠥᠮᠦᠨ

 
ᠤᠶᠠᠷᠠᠯᠲᠤ ᠰᠠᠢᠬᠠᠨ ᠬᠠᠨᠢ ᠳᠤ ᠎ᠪᠠᠨ ᠬᠠᠢᠷ᠎ᠠ ᠨᠢ ᠪᠠᠢᠭ 
 
ᠤᠨᠠᠵᠤ ᠪᠣᠰᠤᠭᠰᠠᠨ ᠠᠮᠢᠳᠤᠷᠠᠯ  ᠳᠤ ᠬᠠᠲᠠᠭᠤᠵᠢᠯ ᠨᠢ ᠪᠠᠢᠭ
 
ᠤᠷᠲᠤ ᠬᠣᠯᠠ  ᠶᠢᠨ ᠠᠨᠳᠠ ᠳᠤ ᠎ᠪᠠᠨ ᠨᠥᠬᠥᠷ ᠨᠢ ᠪᠠᠢᠭ
 
ᠤᠳᠤᠮᠲᠤ ᠡᠨᠡ ᠮᠣᠩᠭᠣᠯ  ᠤᠨ ᠠᠮᠢ ᠨᠢ ᠪᠠᠢᠭ


 
ᠡᠷ᠎ᠡ ᠬᠥᠮᠦᠨ

 ᠳᠡᠪᠡᠯ ᠎ᠲᠡᠢ ᠶᠡᠬᠡ ᠱᠠᠰᠲᠢᠷ ᠤᠨ ᠣᠶᠤᠨ ᠨᠢ ᠪᠠᠢᠭ
 
ᠳᠡᠩᠳᠡᠭᠦᠦ ᠶᠡᠬᠡ ᠵᠢᠷᠭᠠᠯ  ᠤᠨ ᠴᠤᠯᠪᠤᠭᠤᠷ ᠨᠢ ᠪᠠᠢᠭ
 
ᠳᠡᠭᠡᠪᠦᠷᠲᠦ ᠡᠨᠡ ᠮᠣᠩᠭᠣᠯ  ᠤᠨ ᠭᠣᠯᠣᠮᠲᠠ ᠨᠢ ᠪᠠᠢᠭ
 
ᠳᠡᠯᠡᠬᠡᠢ ᠵᠣᠷᠢᠭᠠᠳ ᠮᠣᠷᠳᠠᠭᠰᠠᠨ ᠵᠢᠯᠣᠭᠣ ᠨᠢ ᠪᠠᠢᠭ ᠠ᠋ !
 
ᠡᠷ᠎ᠡ ᠬᠥᠮᠦᠨ ᠃