ᠠᠨᠳᠠ ᠳ᠋ᠠᠭᠠᠨ ᠡᠷᠭᠦᠬᠦ ᠳᠠᠭᠤᠤ - ᠦᠭᠡ: ᠡᠷᠳᠡᠨᠢᠲᠦᠶᠠᠭ᠎ᠠ ᠠᠶ᠎ᠠ: ᠣᠳᠬᠣᠨᠪᠠᠶᠠᠷ ᠬᠠᠮᠲᠤ ᠶ᠋ᠢᠨ ᠳᠠᠭᠤᠤ Анддаа өргөх дуу-Үг: Эрдэнэтуяа Ая: Отгонбаяр Хамтын дуу ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠨᠳᠠ ᠳ᠋ᠠᠭᠠᠨ ᠡᠷᠭᠦᠬᠦ ᠳᠠᠭᠤᠤ - ᠦᠭᠡ: ᠡᠷᠳᠡᠨᠢᠲᠦᠶᠠᠭ᠎ᠠ ᠠᠶ᠎ᠠ: ᠣᠳᠬᠣᠨᠪᠠᠶᠠᠷ ᠬᠠᠮᠲᠤ ᠶ᠋ᠢᠨ ᠳᠠᠭᠤᠤ Анддаа өргөх дуу-Үг: Эрдэнэтуяа Ая: Отгонбаяр Хамтын дуу

ᠠᠨᠳᠠ ᠳ᠋ᠠᠭᠠᠨ ᠡᠷᠭᠦᠬᠦ ᠳᠠᠭᠤᠤ - ᠦᠭᠡ: ᠡᠷᠳᠡᠨᠢᠲᠦᠶᠠᠭ᠎ᠠ ᠠᠶ᠎ᠠ: ᠣᠳᠬᠣᠨᠪᠠᠶᠠᠷ ᠬᠠᠮᠲᠤ ᠶ᠋ᠢᠨ ᠳᠠᠭᠤᠤ Анддаа өргөх дуу-Үг: Эрдэнэтуяа Ая: Отгонбаяр Хамтын дуу

ᠠᠩᠭᠢᠯᠠᠯ:ᠳᠠᠭᠤᠤ ᠬᠥᠭᠵᠢᠮ
2022-12-31

404

《 ᠬᠡᠶ᠋ᠢᠮᠣᠷᠢ 》ᠰᠦᠯᠵᠢᠶ᠎ᠡ ᠮᠡᠨᠳᠦᠯᠡᠭᠰᠡᠨ ᠨᠢᠭᠡ ᠵᠢᠯ ‍ᠦᠨ ᠣᠢ ‍ᠳᠤ ᠵᠤᠷᠢᠭᠤᠯᠪᠠ ᠃

ᠠᠨᠳᠠ ᠳ᠋ᠠᠭᠠᠨ ᠡᠷᠭᠦᠬᠦ ᠳᠠᠭᠤᠤ


           ᠰᠢᠯᠦᠭ ᠄ ᠡᠷᠳᠡᠨᠢᠲᠤᠶᠠᠭ᠎ᠠ( ᠮᠣᠩᠭᠣᠯ)
        ᠠᠶ᠎ᠠ ᠄  ᠣᠳᠬᠣᠨᠪᠠᠶᠠᠷ( ᠮᠣᠩᠭᠣᠯ )
        ᠬᠠᠮᠳᠤᠷᠠᠨ ᠲᠣᠭᠯᠠᠭᠰᠠᠨ ᠨᠢ ᠄
              ᠰᠸᠲ᠋ᠢᠢᠸᠸᠠ ᠰᠢᠭ᠌ᠸᠯ( ᠠᠮᠸᠷᠢᠺᠡ)
              ᠬᠤᠷᠳᠤ ᠬᠠᠮᠲᠤᠯᠢᠬ ( ᠮᠣᠩᠭᠣᠯ )
              ᠬᠦᠬᠡ ᠬᠡᠭᠡᠷ᠎ᠡ ᠬᠠᠮᠳᠤᠯᠢᠬ( ᠥᠪᠦᠷ ᠮᠣᠩᠭᠣᠯ)
 
 ᠴᠠᠰ ᠬᠢᠭᠰᠡᠨ ᠠᠨᠳᠠ ᠶᠤᠮ ᠰᠢᠦ ᠴᠢ ᠮᠢᠨᠢ
 ᠳᠠᠰ ᠬᠢᠭᠰᠡᠨ ᠡᠷ᠎ᠡ ᠶᠤᠮ ᠰᠢᠦ ᠴᠢ ᠮᠢᠨᠢ
 ᠳᠤᠰᠤ ᠳᠠᠭᠠᠭᠠᠭᠰᠠᠨ ᠬᠠᠨᠢ ᠶᠤᠮ ᠰᠢᠦ ᠴᠢ ᠮᠢᠨᠢ
 ᠲᠤᠳᠤ ᠭᠡᠷᠡᠯᠳᠦᠬᠦ ᠬᠥᠮᠦᠨ ᠶᠤᠮ ᠰᠢᠦ ᠴᠢ ᠮᠢᠨᠢ
 ᠮᠥᠰᠦ ᠵᠢᠭᠠᠭᠰᠠᠨ ᠲᠤᠯᠬᠤ ᠶᠤᠮ ᠰᠢᠦ ᠴᠢ ᠮᠢᠨᠢ
 ᠮᠥᠷᠦ ᠳᠦᠰᠢᠭᠰᠡᠨ ᠥᠮᠥᠭ ᠶᠤᠮ ᠰᠢᠦ ᠴᠢ ᠮᠢᠨᠢ
 ᠮᠥᠷᠡᠨ ᠬᠠᠯᠭᠢᠭᠠᠬᠤ ᠡᠷᠴᠢᠰ ᠶᠤᠮ ᠰᠢᠦ ᠴᠢ ᠮᠢᠨᠢ
 ᠮᠥᠩᠬᠡᠳᠡ ᠰᠦᠨᠳᠡᠷᠯᠡᠬᠦ ᠠᠭᠤᠯᠠ ᠶᠤᠮ ᠰᠢᠦ
 ᠤᠨᠤᠵᠤ ᠲᠥᠷᠥᠭᠰᠡᠨ ᠲᠠᠪᠢᠯᠠᠩ ‍ᠢᠶ᠋ᠠᠨ ᠪᠢ ᠳᠡᠭᠡᠳᠦᠯᠡᠶ᠎ᠡ
 ᠣᠳᠣ ᠰᠢᠬ ᠭᠡᠶ᠋ᠢᠭᠦᠯᠦᠭᠰᠡᠨ ᠴᠢᠮ᠎ᠠ ᠎ᠪᠠᠷ ‍ᠢᠶ᠋ᠠᠨ ᠪᠢ ᠪᠠᠬᠠᠳᠤᠶ᠎ᠠ
 ᠥᠭᠰᠥᠵᠦ ᠤᠷᠤᠭᠤᠳᠠᠬᠤ ᠠᠮᠢᠳᠤᠷᠠᠯ ‍ᠢ ᠪᠢ ᠬᠠᠶ᠋ᠢᠷᠠᠯᠠᠶ᠎ᠠ
 ᠥᠷᠯᠦᠭ ᠠᠨᠳᠠ ‍ᠶ᠋ᠢᠨ ᠵᠢᠷᠤᠮ ‍ᠢ ᠪᠢ ᠬᠦᠨᠳᠦᠯᠡᠶ᠎ᠡ
 ᠦᠢᠯᠡᠰ ‍ᠢᠶ᠋ᠡᠷ ‍ᠢᠶ᠋ᠡᠨ ᠮᠠᠩᠯᠠᠶ᠋ᠢᠯᠠᠭᠰᠠᠨ ᠣᠳᠣ ᠶᠤᠮ ᠰᠢᠦ ᠴᠢ ᠮᠢᠨᠢ
 ᠦᠨᠡᠨ ‍ᠢᠶ᠋ᠡᠷ ‍ᠢᠶ᠋ᠡᠨ ᠵᠠᠮᠨᠠᠭᠰᠠᠨ ᠬᠦᠴᠦ ᠶᠤᠮ ᠰᠢᠦ ᠴᠢ ᠮᠢᠨᠢ
 ᠡᠭᠦᠷᠢᠳᠡ ᠲᠡᠭᠦᠯᠢᠭᠰᠡᠨ ᠣᠶᠤᠨ ᠶᠤᠮ ᠰᠢᠦ ᠴᠢ ᠮᠢᠨᠢ
 ᠦᠷᠭᠦᠯᠵᠢ ᠭᠡᠶ᠋ᠢᠭᠰᠡᠨ ᠨᠠᠷᠠᠨ ᠶᠤᠮ ᠰᠢᠦ ᠴᠢ ᠮᠢᠨᠢ
 ᠰᠡᠳᠬᠢᠯ ‍ᠳᠦ ᠲᠣᠳᠣᠨᠤ ᠴᠢᠮ᠎ᠠ ‍ᠶ᠋ᠢ ᠎ᠪᠡᠨ ᠪᠢ ᠳᠠᠭᠤᠯᠠᠶ᠎ᠠ
 ᠰᠡᠷᠢᠭᠦᠨ ᠣᠷᠴᠢᠯᠠᠩ ‍ᠤᠨ ᠵᠢᠮ᠎ᠡ ‍ᠶ᠋ᠢ ᠪᠢ ᠲᠤᠭᠤᠯᠤᠶ᠎ᠠ
 ᠢᠲᠡᠭᠡᠯ ᠳᠦᠭᠦᠷᠡᠩ ᠴᠢᠮ᠎ᠠ ‍ᠶ᠋ᠢ ᠎ᠪᠡᠨ ᠪᠢ ᠬᠠᠶ᠋ᠢᠷᠠᠯᠠᠶ᠎ᠠ 
 ᠢᠪᠡᠭᠡᠯ ᠲᠥᠪᠰᠢᠨ ᠵᠠᠶᠠᠭ᠎ᠠ ‍ᠶ᠋ᠢ ᠴᠢᠨᠢ ᠪᠢ ᠳᠡᠭᠡᠳᠦᠯᠡᠶ᠎ᠡ
 ᠠᠮᠢᠳᠤᠷᠠᠯ ‍ᠤᠨ ᠪᠠᠶᠠᠷ ᠭᠣᠨᠢᠬ ‍ᠢ ᠪᠢ ᠳᠠᠭᠤᠯᠠᠶ᠎ᠠ
 ᠠᠨᠳᠠ ‍ᠶ᠋ᠢᠨ ᠠᠷᠢᠭᠤᠨ ᠵᠢᠷᠤᠮ ‍ᠢ ᠪᠢ ᠳᠡᠭᠡᠳᠦᠯᠡᠶ᠎ᠡ
 ᠠᠴᠢᠯᠠᠯ ‍ᠤᠨ ᠭᠡᠭᠡᠨ ᠲᠠᠩᠭᠠᠷᠢᠬ ‍ ᠪᠢ ᠡᠷᠭᠦᠶ᠎ᠡ
 ᠠᠰᠢᠳᠠ ‍ᠶ᠋ᠢᠨ ᠨᠠᠨᠳᠢᠨ ᠢᠷᠦᠭᠡᠯ ‍ᠢ ᠪᠢ ᠮᠠᠭᠲᠠᠶ᠎ᠠ