ᠰᠠᠢᠬᠠᠨ ᠡᠵᠢ ᠶᠢ ᠪᠠᠢᠬᠤ ᠳᠤ ᠨᠢ ᠬᠠᠢᠷᠠᠯᠠᠭᠠᠷᠠᠢСайхан ээжийг байхад нь хайрлаарай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠬᠠᠨ ᠡᠵᠢ ᠶᠢ ᠪᠠᠢᠬᠤ ᠳᠤ ᠨᠢ ᠬᠠᠢᠷᠠᠯᠠᠭᠠᠷᠠᠢСайхан ээжийг байхад нь хайрлаарай

ᠰᠠᠢᠬᠠᠨ ᠡᠵᠢ ᠶᠢ ᠪᠠᠢᠬᠤ ᠳᠤ ᠨᠢ ᠬᠠᠢᠷᠠᠯᠠᠭᠠᠷᠠᠢСайхан ээжийг байхад нь хайрлаарай

ᠠᠩᠭᠢᠯᠠᠯ:ᠳᠠᠭᠤᠤ ᠬᠥᠭᠵᠢᠮ
2022-12-17

305

ᠰᠠᠢᠬᠠᠨ ᠡᠵᠢ ᠶ᠋ᠢ ᠪᠠᠢᠬᠤ ᠳ᠋ᠤ᠌ ᠨᠢ ᠬᠠᠢᠷᠠᠯᠠᠭᠠᠷᠠᠢ

ᠠᠨᠳᠠᠭᠤ ᠭᠢᠰᠬᠢᠪᠡᠯ ᠠᠭᠠᠰᠢᠯᠠᠵᠤ ᠮᠡᠳᠡᠨ᠎ᠡ ᠰᠢᠦ
ᠠᠶᠤᠯᠭᠠᠵᠤ ᠰᠦᠷᠳᠡᠭᠦᠯᠦᠭᠡᠳ ᠲᠤᠨᠢᠴᠢᠬᠠᠵᠤ ᠮᠡᠳᠡᠨ᠎ᠡ ᠰᠢᠦ
ᠠᠶᠠᠳᠠᠭᠤᠬᠠᠨ ᠡᠪᠯᠡᠭᠡᠳ ᠵᠥᠭᠡᠯᠡᠷᠡᠵᠦ ᠮᠡᠳᠡᠨ᠎ᠡ ᠰᠢᠦ
ᠠᠶᠠᠯᠭᠤ ᠳ᠋ᠤ᠌ ᠮᠢᠨᠢ ᠮᠡᠯᠮᠡᠷᠡᠭᠡᠳ ᠣᠬᠢᠯᠠᠴᠢᠬᠠᠵᠤ ᠮᠡᠳᠡᠨ᠎ᠡ ᠰᠢᠦ
ᠡᠪᠡᠢ ᠳ᠋ᠧ ᠡᠪᠡᠢ ᠬᠥᠭᠡᠷᠦᠬᠦᠢ
ᠡᠯᠪᠡᠷᠡᠯᠲᠡᠢᠬᠡᠨ ᠮᠢᠨᠦ ᠯᠡ ᠡᠵᠢ
ᠠᠭᠤᠤ ᠶᠡᠬᠡ ᠠᠴᠢᠯᠠᠯ ᠰᠡᠳᠬᠢᠯ ᠊ᠢ ᠨᠢ
ᠠᠢ ᠳ᠋ᠠ ᠬᠥᠮᠦᠰ ᠮᠢᠨᠢ ᠬᠠᠷᠢᠭᠤᠯᠤᠭᠠᠷᠠᠢ
ᠲᠣᠯᠣᠭᠠᠢ ᠲᠦᠷᠦᠭᠦᠦ ᠦᠭᠡᠢ ᠵᠠᠩᠨᠠᠵᠤ ᠮᠡᠳᠡᠨ᠎ᠡ ᠰᠢᠦ
ᠲᠦᠳᠡ ᠤᠳᠠᠯ ᠦᠭᠡᠢ ᠠᠷᠭᠠᠳᠠᠵᠤ ᠮᠡᠳᠡᠨ᠎ᠡ ᠰᠢᠦ
ᠲᠩᠷᠢ ᠳ᠋ᠦ᠍ ᠪᠡᠨ ᠰᠦᠰᠦᠭᠯᠡᠨ ᠨᠠᠷᠠᠨ ᠳ᠋ᠤ᠌ ᠪᠠᠨ ᠳᠠᠭᠠᠳᠬᠠᠨ᠎ᠠ ᠰᠢᠦ
ᠲᠣᠮᠣᠭ᠎ᠠ ᠦᠭᠡᠢ ᠦᠶ᠎ᠡ ᠳ᠋ᠦ᠍ ᠪᠡᠨ ᠢᠷᠦᠭᠡᠯ ᠢ᠋ᠶ᠋ᠡᠨ ᠡᠷᠭᠦᠨ᠎ᠡ ᠰᠢᠦ
ᠡᠪᠡᠢ ᠳ᠋ᠧ ᠡᠪᠡᠢ ᠬᠥᠭᠡᠷᠦᠬᠦᠢ
ᠡᠯᠪᠡᠷᠢᠯᠲᠡᠢᠬᠡᠨ ᠮᠢᠨᠦ ᠡᠵᠢ
ᠠᠭᠤᠤ ᠶᠡᠬᠡ ᠠᠴᠢᠯᠠᠯ ᠰᠡᠳᠬᠢᠯ ᠊ᠢ ᠨᠢ
ᠠᠢ ᠳ᠋ᠠ ᠬᠥᠮᠦᠰ ᠮᠢᠨᠢ ᠬᠠᠷᠢᠭᠤᠯᠤᠭᠠᠷᠠᠢ
ᠰᠠᠨᠠᠭ᠎ᠠ ᠨᠢ ᠴᠢᠯᠡᠭᠡᠳ ᠨᠣᠢᠷ ᠦᠭᠡᠢ ᠬᠣᠨᠣᠬᠤ ᠪᠣᠢ 
ᠳ᠋ᠧ
ᠰᠠᠨᠴᠢᠭ ᠨᠢ ᠪᠤᠭᠤᠷᠤᠯᠲᠤᠭᠠᠳ ᠵᠦᠳᠡᠷᠡᠴᠢᠬᠡᠬᠦ ᠪᠣᠢ 
ᠳ᠋ᠧ
ᠰᠠᠯᠭᠤᠤ ᠣᠷᠴᠢᠯᠠᠩ ᠤ᠋ᠨ ᠵᠢᠮ᠎ᠡ ᠨᠢ ᠬᠡᠴᠡᠭᠦᠦ ᠰᠢᠦ
ᠰᠠᠢᠬᠠᠨ ᠡᠵᠢ ᠶ᠋ᠢ ᠪᠡᠨ ᠪᠠᠢᠬᠤ ᠳ᠋ᠤ᠌ ᠨᠢ ᠬᠠᠢᠷᠠᠯᠠᠭᠠᠷᠠᠢ
ᠡᠪᠡᠢ ᠳ᠋ᠧ ᠡᠪᠡᠢ ᠬᠥᠭᠡᠷᠦᠬᠦᠢ
ᠡᠯᠪᠡᠷᠡᠯᠲᠡᠢᠬᠡᠨ ᠮᠢᠨᠦ ᠡᠵᠢ
ᠠᠭᠤᠤ ᠶᠡᠬᠡ ᠠᠴᠢᠯᠠᠯ ᠰᠡᠳᠬᠢᠯ ᠊ᠢ ᠨᠢ
ᠠᠢ ᠳ᠋ᠠ ᠬᠥᠮᠦᠰ ᠮᠢᠨᠢ ᠬᠠᠷᠢᠭᠤᠯᠤᠭᠠᠷᠠᠢ
ᠡᠪᠡᠢ ᠳ᠋ᠧ ᠡᠪᠡᠢ ᠬᠥᠭᠡᠷᠦᠬᠦᠢ
ᠡᠯᠪᠡᠷᠡᠯᠲᠡᠢᠬᠡᠨ ᠮᠢᠨᠦ ᠡᠵᠢ
ᠠᠭᠤᠤ ᠶᠡᠬᠡ ᠠᠴᠢᠯᠠᠯ ᠰᠡᠳᠬᠢᠯ ᠊ᠢ ᠨᠢ
ᠠᠢ ᠳ᠋ᠠ ᠬᠥᠮᠦᠰ ᠮᠢᠨᠢ ᠬᠠᠷᠢᠭᠤᠯᠤᠭᠠᠷᠠᠢ
ᠠᠢ ᠳ᠋ᠠ ᠬᠥᠮᠦᠰ ᠮᠢᠨᠢ ᠪᠠᠢᠬᠤ ᠳ᠋ᠤ᠌ ᠨᠢ ᠬᠠᠢᠷᠠᠯᠠᠭᠠᠷᠠᠢ