ᠠᠬ᠎ᠠ ᠮᠢᠨᠢ ᠲᠠ-kiwiᠬᠠᠮᠲᠤᠯᠢᠭАх минь та-kiwi хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠬ᠎ᠠ ᠮᠢᠨᠢ ᠲᠠ-kiwiᠬᠠᠮᠲᠤᠯᠢᠭАх минь та-kiwi хамтлаг

ᠠᠬ᠎ᠠ ᠮᠢᠨᠢ ᠲᠠ-kiwiᠬᠠᠮᠲᠤᠯᠢᠭАх минь та-kiwi хамтлаг

ᠠᠩᠭᠢᠯᠠᠯ:ᠳᠠᠭᠤᠤ ᠬᠥᠭᠵᠢᠮ
2022-12-15

573

ᠠᠬ᠎ᠠ ᠮᠢᠨᠢ ᠲᠠ


      ᠳᠠᠭᠤᠴᠢᠨ᠄ Kiwi ᠬᠠᠮᠲᠤᠯᠢᠭ    

ᠪᠣᠷᠣᠭᠠᠨ ᠱᠠᠭᠢᠭᠰᠠᠨ ᠥᠷᠯᠥᠭᠡ ᠮᠣᠷᠢ ᠲᠠᠢ ᠢᠷᠡᠭᠰᠡᠨ ᠠᠬ᠎ᠠ ᠮᠢᠨᠢ ᠲᠠ   
ᠪᠣᠷᠣ ᠥᠨᠳᠥᠷ ᠦ᠋ᠨ ᠴᠢᠭᠢᠭ ᠡᠴᠡ ᠬᠡᠰᠢᠭ ᠢ᠋ ᠨᠢ ᠠᠪᠴᠢᠷᠠᠭᠰᠠᠨ ᠲᠠ   
ᠬᠣᠷᠮᠣᠢ ᠨᠣᠷᠭᠠᠭᠰᠠᠨ ᠵᠦᠯᠭᠡ ᠪᠡᠷ ᠰᠠᠶᠢᠬᠠᠨ ᠥᠩᠭᠡᠷᠡᠭᠰᠡᠨ ᠲᠠ  
ᠬᠣᠨᠢᠴᠢᠨ ᠪᠦᠰᠡᠭᠦᠢ ᠶ᠋ᠢᠨ ᠰᠡᠳᠬᠢᠯ ᠳ᠋ᠤ᠌ ᠨᠢ ᠰᠢᠩᠭᠡᠵᠦ ᠦᠯᠡᠳᠡᠭᠰᠡᠨ ᠲᠠ᠃   
ᠰᠠᠶᠢᠬᠠᠨ ᠥᠩᠭᠡᠷᠡᠭᠰᠡᠨ ᠮᠥᠷ ᠳᠡᠭᠡᠷ᠎ᠡ ᠴᠢᠨᠢ
ᠰᠠᠷᠠᠨ ᠴᠡᠴᠡᠭᠡᠰ ᠳᠡᠯᠭᠡᠷᠡᠭᠡᠳ ᠪᠠᠢᠨ᠎ᠠ
ᠰᠠᠨᠠᠭᠠᠨ ᠡᠴᠡ ᠭᠠᠷᠳᠠᠭ ᠦᠭᠡᠢ ᠴᠢᠮ᠎ᠠ ᠶ᠋ᠢ ᠮᠢᠨᠢ
ᠰᠠᠯᠬᠢ ᠨᠢ ᠬᠦᠷᠲᠡᠯ᠎ᠡ ᠢᠯᠪᠢᠭᠡᠳ ᠪᠠᠢᠨ᠎ᠠ᠃

ᠦᠷᠢᠶ᠎ᠡ ᠮᠣᠷᠢᠨ ᠤ᠋ ᠵᠣ ᠳᠡᠭᠡᠷ᠎ᠡ ᠰᠠᠭᠠᠲᠠᠭᠰᠠᠨ ᠠᠬ᠎ᠠ ᠮᠢᠨᠢ ᠲᠠ
ᠣᠪᠣᠭ᠎ᠠ ᠬᠤᠷᠠᠬᠤ ᠪᠠᠷ ᠬᠥᠭᠡᠷᠦᠬᠦᠢ ᠪᠠᠢᠨ ᠪᠠᠢᠨ ᠡᠷᠭᠢᠭᠰᠡᠨ ᠲᠠ
ᠪᠦᠪᠡᠢ ᠶ᠋ᠢᠨ ᠳᠠᠭᠤᠤ ᠲᠠᠢ ᠨᠤᠲᠤᠭ ᠢ᠋ᠶ᠋ᠠᠨ ᠰᠠᠨᠠᠵᠤ ᠮᠡᠭᠰᠢᠭᠰᠡᠨ ᠲᠠ
ᠡᠪᠦᠭᠡᠳ ᠦ᠋ᠨ ᠬᠠᠢᠷᠠᠲᠠᠢ ᠥᠯᠥᠭᠡᠢ ᠪᠡᠨ ᠮᠠᠨᠠᠵᠤ ᠤᠶᠠᠷᠠᠭᠰᠠᠨ ᠲᠠ᠃
ᠰᠠᠶᠢᠬᠠᠨ ᠥᠩᠭᠡᠷᠡᠭᠰᠡᠨ ᠮᠥᠷ ᠳᠡᠭᠡᠷ᠎ᠡ ᠴᠢᠨᠢ
ᠰᠠᠷᠠᠨ ᠴᠡᠴᠡᠭᠡᠰ ᠳᠡᠯᠭᠡᠷᠡᠭᠡᠳ ᠪᠠᠢᠨ᠎ᠠ
ᠰᠠᠨᠠᠭᠠᠨ ᠡᠴᠡ ᠭᠠᠷᠳᠠᠭ ᠦᠭᠡᠢ ᠴᠢᠮ᠎ᠠ ᠶ᠋ᠢ ᠮᠢᠨᠢ
ᠰᠠᠯᠬᠢ ᠨᠢ ᠬᠦᠷᠲᠡᠯ᠎ᠡ ᠢᠯᠪᠢᠭᠡᠳ ᠪᠠᠢᠨ᠎ᠠ᠃

ᠲᠦᠳᠡᠭ ᠭᠠᠯ ᠢ᠋ᠶ᠋ᠠᠨ ᠠᠰᠬᠠᠭᠰᠠᠨ ᠠᠨᠳᠠᠢ ᠪᠥᠵᠢᠭ ᠲᠦ᠍ ᠲᠠ
ᠳᠥᠯᠭᠡᠨ ᠪᠦᠷᠢᠳᠦ ᠡᠴᠡ ᠨᠢᠰᠦᠭᠰᠡᠨ ᠠᠩᠭᠢᠷ ᠰᠢᠪᠠᠭᠤ ᠮᠢᠨᠢ ᠲᠠ
ᠴᠠᠢ ᠪᠠᠨ ᠤᠤᠭᠤᠭᠠᠳ ᠢᠨᠢᠶᠡᠭᠰᠡᠨ ᠠᠶᠠᠭ᠎ᠠ ᠨᠢ ᠬᠠᠯᠠᠭᠤᠨ ᠢ᠋ᠶ᠋ᠠᠷ ᠢ᠋ᠶ᠋ᠠᠨ
ᠴᠠᠮᠴᠠ ᠪᠠᠨ ᠣᠷᠬᠢᠭᠠᠳ ᠮᠣᠷᠳᠠᠭᠰᠠᠨ ᠣᠷᠣ ᠨᠢ ᠪᠦᠯᠢᠶᠡᠨ ᠢ᠋ᠶ᠋ᠡᠷ ᠢ᠋ᠶ᠋ᠡᠨ᠃
ᠰᠠᠶᠢᠬᠠᠨ ᠥᠩᠭᠡᠷᠡᠭᠰᠡᠨ ᠮᠥᠷ ᠳᠡᠭᠡᠷ᠎ᠡ ᠴᠢᠨᠢ
ᠰᠠᠷᠠᠨ ᠴᠡᠴᠡᠭᠡᠰ ᠳᠡᠯᠭᠡᠷᠡᠭᠡᠳ ᠪᠠᠢᠨ᠎ᠠ
ᠰᠠᠨᠠᠭᠠᠨ ᠡᠴᠡ ᠭᠠᠷᠳᠠᠭ ᠦᠭᠡᠢ ᠴᠢᠮ᠎ᠠ ᠶ᠋ᠢ ᠮᠢᠨᠢ
ᠰᠠᠯᠬᠢ ᠨᠢ ᠬᠦᠷᠲᠡᠯ᠎ᠡ ᠢᠯᠪᠢᠭᠡᠳ ᠪᠠᠢᠨ᠎ᠠ᠃
ᠰᠠᠶᠢᠬᠠᠨ ᠥᠩᠭᠡᠷᠡᠭᠰᠡᠨ ᠮᠥᠷ ᠳᠡᠭᠡᠷ᠎ᠡ ᠴᠢᠨᠢ
ᠰᠠᠷᠠᠨ ᠴᠡᠴᠡᠭᠡᠰ ᠳᠡᠯᠭᠡᠷᠡᠭᠡᠳ ᠪᠠᠢᠨ᠎ᠠ
ᠰᠠᠨᠠᠭᠠᠨ ᠡᠴᠡ ᠭᠠᠷᠳᠠᠭ ᠦᠭᠡᠢ ᠴᠢᠮ᠎ᠠ ᠶ᠋ᠢ ᠮᠢᠨᠢ
ᠰᠠᠯᠬᠢ ᠨᠢ ᠬᠦᠷᠲᠡᠯ᠎ᠡ ᠢᠯᠪᠢᠭᠡᠳ ᠪᠠᠢᠨ᠎ᠠ᠃

       ᠦᠰᠦᠭ ᠠᠮᠢᠯᠠᠭᠤᠯᠤᠭᠴᠢ᠄ ᠤᠤᠭᠠᠨᠵᠢᠳ
       ᠬᠢᠨᠠᠭᠴᠢ᠄ ᠮᠡᠷᠭᠡᠨᠪᠢᠯᠢᠭ