ᠡᠪᠦᠭᠡᠳ ᠢ᠋ ᠪᠢᠲᠡᠭᠡᠢ ᠱᠣᠣᠯᠠ- ᠶᠣ᠊ ᠴᠣᠭÖvgödiig bitgii shool-Yo.TsogӨвгөдийг битгий шоол-Ё.Цог ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠪᠦᠭᠡᠳ ᠢ᠋ ᠪᠢᠲᠡᠭᠡᠢ ᠱᠣᠣᠯᠠ- ᠶᠣ᠊ ᠴᠣᠭÖvgödiig bitgii shool-Yo.TsogӨвгөдийг битгий шоол-Ё.Цог

ᠡᠪᠦᠭᠡᠳ ᠢ᠋ ᠪᠢᠲᠡᠭᠡᠢ ᠱᠣᠣᠯᠠ- ᠶᠣ᠊ ᠴᠣᠭÖvgödiig bitgii shool-Yo.TsogӨвгөдийг битгий шоол-Ё.Цог

2024-12-14

1561

ᠡᠪᠦᠭᠡᠳ ᠢ ᠪᠢᠲᠡᠭᠡᠢ ᠱᠣᠣᠯᠠ


          ᠶᠣ᠂ ᠴᠣᠭ
ᠡᠮᠦᠰᠦᠭᠰᠡᠨ ᠳᠡᠪᠡᠯ ᠨᠢ ᠥᠩᠭᠡ ᠨᠢ ᠲᠠᠨᠢᠭᠳᠠᠬᠤ ᠪᠠᠷ ᠦᠭᠡᠢ ᠭᠠᠩᠳᠠᠭᠰᠠᠨ
ᠦᠰᠦ ᠰᠠᠬᠠᠯ ᠨᠢ ᠣᠪᠣᠭᠠᠨ ᠳ᠋ᠤ᠌ ᠲᠠᠬᠢᠬᠰᠠᠨ ᠰᠠᠮᠪᠠᠢ ᠰᠢᠭ᠋ ᠴᠠᠢᠭᠰᠠᠨ
ᠦᠶ᠎ᠡ ᠮᠥᠴᠢ ᠨᠢ ᠮᠣᠢᠨᠣᠢᠵᠤ ᠡᠪᠡᠷᠰᠢᠵᠦ ᠬᠠᠲᠠᠭᠰᠠᠨ ᠵᠠᠭ ᠰᠢᠭ᠋ ᠪᠣᠯᠤᠭᠰᠠᠨ
ᠡᠪᠦᠭᠡᠳ ᠢ᠋ ᠬᠠᠷᠠᠭᠠᠳ ᠪᠢᠲᠡᠭᠡᠢ ᠱᠣᠣᠯᠠ
ᠦᠵᠡᠭᠳᠡᠬᠦ ᠥᠩᠭᠡᠨ ᠳ᠋ᠡᠭᠡᠨ ᠢᠩᠭᠢᠵᠦ ᠬᠠᠷᠠᠭᠳᠠᠪᠠᠴᠤ
ᠦᠨᠡᠨ ᠳ᠋ᠡᠭᠡᠨ ᠴᠠᠭᠠᠳᠤᠭᠤᠯᠠ ᠴᠢᠨᠢ ᠴᠢᠯᠠᠭᠤᠵᠢᠭᠰᠠᠨ ᠮᠣᠳᠣ ᠰᠢᠦ᠃
ᠭᠠᠯ ᠨᠢ ᠪᠠᠭᠤᠷᠠᠭᠰᠠᠨ ᠨᠢᠳᠦ ᠨᠢ ᠨᠢᠯᠪᠤᠰᠤ ᠲᠠᠢ ᠪᠠᠢᠪᠠᠯ
ᠠᠷᠴᠢᠭᠠᠳ ᠥᠭ! ᠪᠤᠶᠠᠨ ᠪᠣᠯᠤᠨ᠎ᠠ ᠰᠢᠦ!
ᠭᠣᠮᠣᠳᠠᠯ ᠪᠠᠶᠠᠷ ᠤ᠋ᠨ ᠠᠯᠢᠨ ᠤ᠋ ᠬᠢ ᠪᠣᠯᠬᠤ ᠶ᠋ᠢ ᠠᠩᠵᠠᠭᠠᠷᠠᠵᠤ ᠦᠵᠡ!
ᠦᠶ᠎ᠡ ᠶ᠋ᠢᠨ ᠶᠤᠮ ᠰᠢᠭ᠋ ᠵᠡᠷᠭᠡᠴᠡᠨ ᠰᠠᠭᠤᠭᠠᠳ
ᠦᠵᠡᠵᠦ ᠲᠤᠭᠤᠯᠤᠭᠰᠠᠨ ᠠᠮᠢᠳᠤᠷᠠᠯ ᠢ᠋ ᠨᠢ ᠰᠣᠨᠣᠰ
ᠪᠠᠷᠤᠭᠲᠠᠢ ᠪᠣᠯ ᠴᠠᠭᠠᠳᠤᠭᠤᠯᠠ ᠴᠢᠨᠢ ᠤᠬᠢᠯᠠᠬᠤ ᠦᠭᠡᠢ ᠰᠢᠦ ᠳᠡ
ᠪᠢ ᠲᠡᠷᠡ ᠪᠠᠢᠨ᠎ᠠ ᠭᠡᠵᠦ ᠴᠡᠭᠡᠵᠢ ᠪᠡᠨ ᠪᠠᠯᠪᠠᠵᠤ ᠪᠠᠷᠬᠢᠷᠠᠬᠤ ᠦᠭᠡᠢ ᠰᠢᠦ ᠳᠡ
ᠲᠣᠣᠷᠠᠢ ᠶ᠋ᠢᠨ ᠲᠦᠭᠡᠯ ᠰᠢᠭ ᠨᠣᠭᠣᠭᠠᠬᠠᠨ ᠪᠠᠢᠭᠰᠠᠨ ᠦᠶ᠎ᠡ ᠶ᠋ᠢ ᠨᠢ ᠪᠣᠳᠣ
ᠲᠣᠭᠣᠨᠣ ᠪᠠᠨ ᠡᠷᠭᠦᠭᠡᠳ ᠳᠡᠩᠬᠡᠢᠵᠦ ᠪᠠᠢᠭᠰᠠᠨ ᠳᠦᠷᠢ ᠶ᠋ᠢ ᠨᠢ ᠰᠠᠨᠠ
ᠦᠬᠦᠰᠢᠷᠡᠵᠦ ᠬᠠᠲᠠᠭᠰᠠᠨ ᠬᠣᠵᠤᠤᠯ᠎ᠠ ᠭᠡᠵᠦ ᠪᠢᠲᠡᠭᠡᠢ ᠪᠣᠳᠣ
ᠡᠷᠴᠢ ᠨᠢ ᠬᠠᠷᠢᠭᠰᠠᠨ ᠳᠡᠭᠡᠰᠦ ᠰᠢᠭ ᠭᠡᠵᠦ ᠪᠢᠲᠡᠭᠡᠢ ᠴᠢᠮᠠᠯᠠᠭᠠᠷᠠᠢ!
ᠡᠷ᠎ᠡ ᠬᠠᠷ᠎ᠠ ᠰᠤᠷ ᠰᠢᠭ᠋ ᠶᠠᠪᠤᠭᠰᠠᠨ ᠶᠤᠮ ᠰᠢᠦ ᠴᠠᠭᠠᠳᠤᠭᠤᠯᠠ ᠴᠢᠨᠢ᠃
ᠭᠠᠯ ᠤ᠋ᠨ  ᠱᠤᠭᠤᠮᠤᠨ ᠳᠡᠭᠡᠷ᠎ᠡ  ᠦᠬᠦᠯ ᠰᠦᠷᠡᠵᠦ  ᠶᠠᠪᠤᠭᠰᠠᠨ ᠳᠠᠢᠴᠢᠨ ᠡᠷ᠎ᠡ ᠴᠦ᠍ ᠪᠠᠢᠵᠤ ᠪᠣᠯᠤᠨ᠎ᠠ
ᠭᠣᠣᠯ ᠤ᠋ᠨ ᠭᠠᠷᠠᠮ ᠳᠡᠭᠡᠷ᠎ᠡ ᠭᠦᠦᠷ ᠲᠠᠯᠪᠢᠭᠰᠠᠨ ᠢᠨᠵᠧᠨᠧᠷ ᠴᠦ᠍ ᠪᠠᠢᠵᠤ ᠮᠠᠭᠠᠳ ᠦᠭᠡᠢ
ᠲᠥᠷᠥᠬᠦ ᠶ᠋ᠢᠨ ᠣᠷᠣᠨ ᠳᠡᠭᠡᠷ᠎ᠡ ᠴᠢᠮ᠎ᠠ ᠶ᠋ᠢ ᠭᠠᠷᠳᠠᠭᠰᠠᠨ ᠡᠮᠴᠢ ᠴᠦ᠍ ᠶᠦᠮ ᠪᠢᠯᠡ ᠤᠤ
ᠲᠥᠷᠥ ᠶ᠋ᠢᠨ ᠰᠡᠨᠳᠡᠢ ᠳ᠋ᠦ᠍ ᠵᠠᠯᠠᠷᠠᠵᠤ ᠶᠠᠪᠤᠭᠰᠠᠨ ᠰᠠᠢᠳ ᠴᠤ᠌ ᠪᠠᠢᠵᠤ ᠪᠣᠯᠤᠨ᠎ᠠ ᠰᠢᠦ ᠳᠡ᠃
ᠠᠪᠤ ᠳ᠋ᠤ᠌ ᠴᠢᠨᠢ《ᠠ》 ᠵᠢᠭᠠᠭᠰᠠᠨ ᠠᠩᠬᠠᠨ ᠤ᠋ ᠪᠠᠭᠰᠢ ᠨᠢ ᠴᠦ᠍ ᠶᠦᠮ ᠪᠢᠯᠡ ᠤᠤ
ᠠᠲᠠᠷ ᠬᠠᠭᠠᠯᠵᠤ ᠦᠷ᠎ᠡ ᠰᠠᠭᠤᠯᠭᠠᠭᠰᠠᠨ ᠲᠠᠷᠢᠶᠠᠯᠠᠩᠴᠢᠨ ᠴᠤ᠌ ᠶᠤᠮ ᠪᠢᠯᠡ ᠤᠤ
ᠠᠷᠢᠭᠤᠨ ᠰᠦᠷᠦᠭ ᠢ᠋ᠶ᠋ᠡᠨ ᠥᠰᠬᠡᠵᠦ ᠮᠠᠨ ᠢ᠋ ᠲᠡᠵᠢᠭᠡᠭᠰᠡᠨ ᠮᠠᠯᠴᠢᠨ ᠴᠤ᠌ ᠪᠠᠢᠵᠤ ᠪᠣᠯᠤᠨ᠎ᠠ
ᠬᠣᠷᠢᠶ᠎ᠠ ᠺᠣᠮᠠᠨᠳ᠋ᠯᠠᠭᠠᠳ ᠤᠤᠬᠠᠢᠯᠠᠵᠤ ᠶᠠᠪᠤᠭᠰᠠᠨ ᠬᠣᠷᠠᠩᠲᠠ ᠴᠤ᠌ ᠪᠠᠢᠵᠤ ᠮᠠᠭᠠᠳ ᠦᠭᠡᠢ
ᠪᠠᠷ᠎ᠠ ᠰᠦᠷ ᠨᠢ ᠢᠩᠭᠢᠵᠦ ᠬᠠᠷᠠᠭᠳᠠᠪᠠᠴᠤ
ᠪᠠᠭᠠᠲᠤᠷ ᠤ᠋ᠨ ᠡᠩ ᠲᠡᠢ ᠶᠠᠪᠤᠭᠰᠠᠨ ᠡᠷ᠎ᠡ ᠶ᠋ᠢᠨ ᠬᠤᠢᠬ᠎ᠠ ᠨᠤᠭᠤᠳ ᠰᠢᠦ ᠳᠡ
ᠦᠵᠡᠭᠳᠡᠬᠦ ᠥᠩᠭᠡᠨ ᠳ᠋ᠡᠭᠡᠨ ᠢᠩᠭᠢᠵᠦ ᠬᠠᠷᠠᠭᠳᠠᠯ᠎ᠠ ᠴᠤ᠌
ᠦᠨᠡᠨ ᠳ᠋ᠡᠭᠡᠨ ᠨᠠᠭᠠᠳᠤᠭᠤᠯᠠ ᠴᠢᠨᠢ ᠴᠢᠯᠠᠭᠤᠵᠢᠭᠰᠠᠨ ᠮᠣᠳᠣ ᠰᠢᠦ᠃
ᠮᠡᠳᠡᠬᠦ ᠦᠭᠡᠢ ᠶ᠋ᠢ ᠴᠢᠨᠢ ᠬᠡᠯᠡᠭᠡᠳ ᠥᠭᠬᠦ ᠶᠠᠷᠢᠳᠠᠭ ᠨᠣᠮ
ᠮᠡᠷᠭᠡᠳ ᠦ᠋ᠨ ᠰᠤᠷᠭᠠᠯ ᠢ᠋ ᠣᠶᠤᠨ ᠳ᠋ᠠᠭᠠᠨ ᠰᠢᠩᠭᠡᠭᠡᠭᠰᠡᠨ ᠮᠡᠳᠡᠭᠡᠯᠡᠯ ᠦ᠋ᠨ ᠲᠣᠯᠢ
ᠤᠯᠠᠮᠵᠢᠯᠠᠯ ᠵᠠᠩᠰᠢᠯ ᠤ᠋ᠨ ᠨᠡᠪᠲᠡᠷᠬᠡᠢ ᠲᠣᠯᠢ
ᠤᠯᠤᠰ ᠣᠷᠣᠨ ᠤ᠋ ᠴᠢᠨᠢ ᠠᠮᠢᠳᠤ ᠲᠡᠦᠬᠡ
ᠲᠤᠭ ᠴᠤ᠌ ᠪᠠᠷᠢᠵᠤ ᠲᠤᠭᠤᠯ ᠴᠤ᠌ ᠬᠠᠷᠢᠭᠤᠯᠵᠤ ᠦᠵᠡᠭᠰᠡᠨ
ᠲᠡᠪᠴᠢᠶᠡᠷᠢ ᠬᠠᠲᠠᠭᠤᠵᠢᠯ ᠤ᠋ᠨ ᠪᠣᠳᠠᠲᠠᠢ ᠵᠢᠱ᠌ᠢᠶ᠎ᠡ
ᠲᠤᠭᠤᠯᠤᠭᠰᠠᠨ ᠵᠠᠮ᠂ ᠳᠠᠭᠤᠯᠠᠭᠰᠠᠨ ᠳᠠᠭᠤᠤ ᠲᠠᠢ
ᠲᠤᠰᠠᠭᠠᠷ ᠲᠣᠭᠲᠠᠨᠢᠯ ᠤ᠋ᠨ ᠪᠠᠷᠢᠨᠲᠠᠭᠯᠠᠭ᠎ᠠ ᠦᠭᠡᠢ ᠰᠤᠳᠤᠷ
ᠬᠣᠷᠸ᠎ᠠ ᠶ᠋ᠢᠨ ᠵᠢᠮ᠎ᠡ ᠪᠡᠷ ᠬᠣᠷᠣᠭᠳᠠᠵᠤ ᠴᠥᠭᠡᠷᠡᠵᠦ ᠶᠠᠪᠤᠭ᠎ᠠ
ᠬᠣᠪᠣᠷᠳᠠᠭᠰᠠᠨ ᠡᠪᠦᠭᠡᠳ ᠢ᠋ ᠪᠢᠲᠡᠭᠡᠢ ᠱᠣᠣᠯᠠ!

         ᠦᠰᠦᠭ ᠠᠮᠢᠯᠠᠭᠤᠯᠤᠭᠴᠢ᠄ ᠪᠦᠷᠭᠦᠳ᠂ ᠲᠠᠯᠠᠢᠨᠵᠠᠶᠠᠭ᠎ᠡ
         ᠬᠢᠨᠠᠭᠴᠢ᠄ ᠲᠦᠮᠡᠨᠴᠡᠴᠡᠭ   

Өвгөдийг битгий шоол
Ё.Цог

Өмссөн дээл нь өнгө нь танигдахааргүй гандсан
Үс сахал нь овоонд орхисон самбай шиг цайсан
Үе мөч нь мойнийж өгөршиж хатсан
Өвгөдийг хараад битгий шоол.
Үзэгдэх өнгөндөө тэд ингэж харагдавч
Үнэндээ цаадуул чинь чулуужсан мод шүү.
Гал нь буурсан нүд нь нулимстай байвал арчаад өг, буян болно шүү

Гомдол баярын алиных болохыг нь анзаарч үз
Үеийн юм шиг зэрэгцэж суугаад
Үзэж туулсан амьдралыг нь сонс
Барагтай л бол цаадуул чинь уйлахгүй шүү дээ

Би тэр байнаа гэж цээжээ балбаж бархирахгүй шүү дээ.
Тооройн төгөл шиг ногоохон байсан үеийг нь бод
Тооноо өргөөд дэнхийж байсан дүрийг нь сана

Өгөршиж хатсан хожуул гэж битгий бод
Эрч нь харьсан дээс шиг гэж битгий чамлаарай
Эр хар сур шиг явсан юм шүү цаадуул чинь
Галын шугаман дээр үхэл сөрж явсан дайчин эр ч байж болно

Голын гарам дээр гүүр тавьсан инженер ч байж магадгүй
Төрөхийн орон дээр чамайг гардсан эмч ч юм билүү
Төрийн сэнтийд заларч явсан сайд ч байж болно шүү дээ

Аавд чинь А заасан анхны багш ч юм билүү
Атар хагалж үр суулгасан тариалан ч юм билүү
Арвин сүргээ өсгөж манийг тэжээсэн малчин ч байж болноо

Хот сүндэрлүүлж, алдраа мөнхөлсөн барилгачин ч байж болно
Хороо командлаад уухайлж явсан, хурандаа ч байж магадгүй
Бараа сүр нь ингэж харагдавч баатрын энтэй явсан, эрийн хуйхнууд шүүдээ

Үзэгдэх өнгөндөө ингэж харагдлаа ч үнэндээ наадуул чинь чулуужсан мод шүү
Мэдэхгүйг чинь хэлээд өгөх ярьдаг ном
Мэргэдийн сургаалийг оюундаа шингээсэн мэдээллийн толь

Уламжлал заншлын нэвтэрхий толь, улс орны чинь амьд түүх
Туг ч барьж, тугал ч хариулж үзсэн тэвчээр хатуужлын бодит жишээ

Туулсан зам, дуулсан дуутай тусгаар тогтнолын баринтаглаагүй судар
Хорвоогийн жамаар хорогдож цөөрч яваа
Ховордсон өвгөдийн битгий шоол!