ᠲᠠᠮᠢᠷ᠎ ᠤᠨ ᠭᠣᠣᠯ᠎ ᠤᠨ ᠬᠠᠷᠠᠬᠦᠦТамирын голын хархүү ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠮᠢᠷ᠎ ᠤᠨ ᠭᠣᠣᠯ᠎ ᠤᠨ ᠬᠠᠷᠠᠬᠦᠦТамирын голын хархүү

ᠲᠠᠮᠢᠷ᠎ ᠤᠨ ᠭᠣᠣᠯ᠎ ᠤᠨ ᠬᠠᠷᠠᠬᠦᠦТамирын голын хархүү

ᠠᠩᠭᠢᠯᠠᠯ:ᠳᠠᠭᠤᠤ ᠬᠥᠭᠵᠢᠮ
2022-12-13

336

   ᠦᠭᠡ ᠄ ᠨ ᠂ ᠪᠠᠶᠠᠨᠮᠥ᠋ᠩᠬᠡ

   ᠠᠶ᠎ᠠ᠄ ᠴ ᠂ ᠪᠠᠲᠤᠵᠢᠷᠭᠠᠯ
   ᠳᠠᠭᠤᠴᠢᠨ ᠄ ᠪᠠ᠊ ᠂ ᠴᠠᠩᠴᠠᠯᠳᠤᠯᠮ᠎ᠡ
             ᠪᠠ᠊ ᠂ ᠬᠡᠰᠢᠬᠵᠢᠷᠭᠠᠯ
             ᠴᠠ᠊ ᠂ ᠡᠷᠳᠡᠨᠢᠴᠡᠴᠡᠭ

 

ᠦᠶ᠎ᠡ ‍ᠶ᠋ᠢᠨ ᠵᠢᠭᠠᠬᠠᠨ ᠪᠦᠰᠡᠭᠦᠶ᠋ᠢᠴᠦᠳ ᠰᠢᠪᠡᠨᠡᠭᠡᠳ ᠶᠠᠷᠢᠬᠤ ᠨᠢ ᠪᠠᠬᠠᠳᠤᠯ ᠎ᠲᠠᠢ ᠂
ᠡᠭᠦᠯᠡᠨ ᠪᠣᠷᠣᠯᠠᠭ ‍ᠤᠨ ᠬᠠᠲᠠᠷᠢᠶ᠎ᠠ ‍ᠳᠤ ᠎ᠪᠠᠨ ᠳᠠᠭᠤᠯᠠᠵᠤ ᠶᠠᠪᠤᠬᠤ ᠨᠢ ᠬᠡᠶ᠋ᠢᠮᠣᠷᠢ ᠎ᠲᠠᠢ
ᠪᠣᠳᠣᠬᠤ ᠦᠭᠡᠢ ᠪᠣᠳᠣᠬᠤ ᠦᠭᠡᠢ ᠭᠡᠯ᠎ᠡ ᠴᠤ᠌ ᠪᠣᠳᠣᠯ ‍ᠳᠤ ᠡᠷᠭᠢᠭᠡᠳ ᠭᠠᠶ᠋ᠢᠬᠠᠯᠲᠠᠢ
ᠪᠣᠲᠣᠭᠣᠨ ᠨᠢᠳᠦᠨ ᠨᠢ ᠲᠣᠯᠢᠶᠠᠨ ᠴᠤ᠌ ᠬᠠᠨᠠᠯᠵᠠᠭᠠᠳ ᠬᠠᠷᠠᠮᠯᠠᠭᠠᠳ ᠭᠡᠭᠡᠯᠵᠡᠬᠦ ᠡᠨᠡᠯᠦᠨ ᠎ᠲᠡᠢ ᠂

ᠲᠠᠮᠢᠷ ‍ᠤᠨ ᠭᠣᠣᠯ ‍ᠤᠨ ᠨᠤᠲᠤᠭ ‍ᠢᠶ᠋ᠠᠷ ‍ᠢᠶ᠋ᠠᠨ ᠶᠠᠭᠠᠬᠢᠬᠰᠠᠨ ᠴᠤᠤᠲᠠᠢ ᠬᠠᠷ᠎ᠠ ᠬᠦᠦ ᠪᠤᠢ
ᠬᠠᠶ᠋ᠢᠭᠤᠷ ᠵᠦᠭ ‍ᠦᠨ ᠪᠦᠰᠡᠭᠦᠶ᠋ᠢᠴᠦᠳ ᠨᠢᠭᠤᠯ ᠎ᠴᠤ᠌ ᠦᠭᠡᠢ ᠰᠢᠷᠲᠡᠬᠦ ‍ᠶ᠋ᠢ ᠶᠠᠭᠠᠬᠢᠨᠠᠮ ᠪᠤᠢ


ᠨᠤᠲᠤᠭ ‍ᠤᠨ ᠨᠠᠰᠤᠲᠠᠨ ᠪᠤᠭᠤᠷᠤᠯ ‍ᠤᠳ ᠨᠢ ᠮᠠᠭᠲᠠᠵᠤ ᠱᠠᠭᠱᠠᠭᠠᠳ ᠵᠢᠭᠲᠡᠶ᠋ᠢᠬᠡᠨ
ᠨᠣᠮᠢᠨ ᠵᠡᠭᠡᠷᠳᠡ ‍ᠶ᠋ᠢᠨ ᠳᠠᠪᠬᠢᠯᠳᠤᠭᠠᠨ ‍ᠳᠤ ᠢᠰᠬᠡᠷᠴᠦ ᠶᠠᠪᠤᠬᠤ ᠨᠢ ᠳᠣᠯᠭᠢᠶ᠎ᠠ ᠎ᠲᠠᠢ
ᠰᠠᠨᠠᠬᠤ ᠦᠭᠡᠢ ᠰᠠᠨᠠᠬᠤ ᠦᠭᠡᠢ ᠭᠡᠯ᠎ᠡ ᠴᠤ᠌ ᠰᠠᠨᠠᠭᠠᠨ ‍ᠳᠤ ᠤᠷᠭᠤᠭᠠᠳ ᠳᠣᠭᠳᠣᠯᠤᠯ ᠎ᠲᠠᠢ
ᠰᠠᠷᠠᠪᠴᠢᠯᠠᠵᠤ ᠬᠠᠷᠠᠭᠤᠯᠤᠭᠰᠠᠨ ᠲᠡᠭᠦᠨ ᠎ᠡᠴᠡ ᠎ᠴᠤ᠌ ᠭᠡᠭᠡᠯᠵᠡᠬᠦ ᠡᠨᠡᠯᠦᠨ ᠎ᠲᠠᠢ
ᠲᠠᠮᠢᠷ ‍ᠤᠨ ᠭᠣᠣᠯ ‍ᠤᠨ ᠨᠤᠲᠤᠭ ‍ᠢᠶ᠋ᠠᠷ ‍ᠢᠶ᠋ᠠᠨ ᠶᠠᠭᠠᠬᠢᠬᠰᠠᠨ ᠴᠤᠤᠲᠠᠢ ᠬᠠᠷ᠎ᠠ ᠬᠦᠦ ᠪᠤᠢ
ᠬᠠᠶ᠋ᠢᠭᠤᠷ ᠵᠦᠭ ‍ᠦᠨ ᠪᠦᠰᠡᠭᠦᠶ᠋ᠢᠴᠦᠳ ᠨᠢᠭᠤᠯ ᠦᠭᠡᠢ ᠰᠢᠷᠲᠡᠬᠦ ‍ᠶ᠋ᠢ ᠶᠠᠭᠠᠬᠢᠨᠠᠮ ᠪᠤᠢ

ᠠᠪᠤ ᠯᠡ ᠡᠵᠢ ‍ᠶ᠋ᠢ ᠦᠭᠡ ᠤᠨᠠᠭᠠᠭᠠᠳ ᠠᠯᠤᠰᠯᠠᠭ᠎ᠠ ᠬᠠᠶ᠋ᠢᠷᠠᠯᠠᠯᠲᠠᠢ
ᠠᠷᠠᠨᠵᠠᠯ ᠬᠣᠩᠭᠣᠷ ‍ᠤᠨ ᠭᠦᠶᠦᠳᠡᠯ ᠎ᠲᠡᠢ ᠱᠤᠷᠠᠩᠬᠠᠶ᠋ᠢᠯᠠᠵᠤ ᠶᠠᠪᠤᠬᠤ ᠨᠢ ᠰᠣᠨᠣᠰᠪᠤᠷᠢᠲᠠᠢ

ᠬᠠᠷᠠᠬᠤ ᠦᠭᠡᠢ ᠬᠠᠷᠠᠬᠤ ᠦᠭᠡᠢ ᠭᠡᠯ᠎ᠡ ᠎ᠴᠤ᠌ ᠬᠠᠷᠠᠴᠠ ᠨᠢ ᠲᠤᠯᠭᠠᠷᠠᠭᠠᠳ ᠢᠴᠢᠩᠭᠦᠷᠢ ᠎ᠲᠡᠢ

ᠬᠠᠷᠠᠬᠤ ᠨᠢᠳᠦᠨ ᠨᠢ ᠲᠡᠭᠦᠨ ᠎ᠡᠴᠡ ᠬᠠᠷᠠᠮᠯᠠᠭᠠᠳ ᠭᠡᠭᠡᠯᠵᠡᠬᠦ ᠨᠢ ᠡᠨᠡᠯᠦᠨ ᠎ᠲᠡᠢ
ᠲᠠᠮᠢᠷ ‍ᠤᠨ ᠭᠣᠣᠯ ‍ᠤᠨ ᠨᠤᠲᠤᠭ ‍ᠢᠶ᠋ᠠᠷ ‍ᠢᠶ᠋ᠠᠨ ᠶᠠᠭᠠᠬᠢᠬᠰᠠᠨ ᠴᠤᠤᠲᠠᠢ ᠬᠠᠷ᠎ᠠ ᠬᠦᠦ ᠪᠤᠢ 
ᠬᠠᠶ᠋ᠢᠭᠤᠷ ᠵᠦᠭ ‍ᠦᠨ ᠪᠦᠰᠡᠭᠦᠶ᠋ᠢᠴᠦᠳ ᠨᠢᠭᠤᠯ ᠦᠭᠡᠢ ᠰᠢᠷᠲᠡᠬᠦ ‍ᠶ᠋ᠢ ᠶᠠᠭᠠᠬᠢᠨᠠᠮ ᠪᠤᠢ 
ᠲᠠᠮᠢᠷ ‍ᠤᠨ ᠭᠣᠣᠯ ‍ᠤᠨ ᠨᠤᠲᠤᠭ ‍ᠢᠶ᠋ᠠᠷ ‍ᠢᠶ᠋ᠠᠨ ᠶᠠᠭᠠᠬᠢᠬᠰᠠᠨ ᠴᠤᠤᠲᠠᠢ ᠬᠠᠷ᠎ᠠ ᠬᠦᠦ ᠪᠤᠢ 
ᠬᠠᠶ᠋ᠢᠭᠤᠷ ᠵᠦᠭ ‍ᠦᠨ ᠪᠦᠰᠡᠭᠦᠶ᠋ᠢᠴᠦᠳ ᠨᠢᠭᠤᠯ ᠦᠭᠡᠢ ᠰᠢᠷᠲᠡᠬᠦ ‍ᠶ᠋ᠢ ᠶᠠᠭᠠᠬᠢᠨᠠᠮ ᠪᠤᠢ 
ᠲᠠᠮᠢᠷ ‍ᠤᠨ ᠭᠣᠣᠯ ‍ᠤᠨ ᠨᠤᠲᠤᠭ ‍ᠢᠶ᠋ᠠᠷ ‍ᠢᠶ᠋ᠠᠨ ᠶᠠᠭᠠᠬᠢᠬᠰᠠᠨ ᠴᠤᠤᠲᠠᠢ ᠬᠠᠷ᠎ᠠ ᠬᠦᠦ ᠪᠤᠢ 
ᠬᠠᠶ᠋ᠢᠭᠤᠷ ᠵᠦᠭ ‍ᠦᠨ ᠪᠦᠰᠡᠭᠦᠶ᠋ᠢᠴᠦᠳ ᠨᠢᠭᠤᠯ ᠦᠭᠡᠢ ᠰᠢᠷᠲᠡᠬᠦ ‍ᠶ᠋ᠢ ᠶᠠᠭᠠᠬᠢᠨᠠᠮ ᠪᠤᠢ 

ᠶᠠᠭᠠᠬᠢᠨᠠᠮ ᠪᠤᠢ  ᠶᠠᠭᠠᠬᠢᠨᠠᠮ ᠪᠤᠢ  ᠶᠠᠭᠠᠬᠢᠨᠠᠮ ᠪᠤᠢ