ᠰᠠᠯᠬᠢ-ᠰᠢᠯᠦᠭСалий-шүлэг
ᠰᠠᠯᠬᠢ
ᠰᠠᠯᠬᠢ ᠴᠣᠬᠣᠮ ᠶᠠᠭᠤ
ᠭᠡᠵᠦ ᠰᠠᠯᠬᠢᠯᠠᠪᠠ ?
ᠰᠠᠭᠠᠳᠠᠭ
ᠨᠤᠮᠤ ᠪᠠᠨ ᠡᠭᠦᠷᠬᠦ ᠪᠡᠨ ᠪᠠᠶ᠋ᠢᠯ᠎ᠠ ᠭᠡᠵᠦ ᠰᠠᠯᠬᠢᠯᠠᠪᠠ ᠤᠤ ?
ᠰᠠᠭᠠᠯᠢ ᠶ᠋ᠢᠨ
ᠲᠡᠷᠯᠢᠭ ᠢᠶ᠋ᠡᠨ ᠡᠮᠦᠰᠬᠦ ᠪᠡᠨ ᠪᠠᠶ᠋ᠢᠯ᠎ᠠ ᠭᠡᠵᠦ ᠰᠠᠯᠬᠢᠯᠠᠪᠠ ᠤᠤ ?
ᠰᠠᠶ᠋ᠢᠬᠠᠨ ᠪᠠᠶ᠋ᠢᠭᠠᠯᠢ
ᠪᠠᠨ ᠲᠣᠣᠷᠯᠠᠵᠤ ᠭᠠᠳᠠᠰᠤᠯᠠᠯᠠ ᠭᠡᠵᠦ ᠰᠠᠯᠬᠢᠯᠠᠪᠠ ᠤᠤ ?
ᠠᠭᠤᠯᠠ ᠤᠰᠤ ᠪᠠᠨ
ᠤᠬᠤᠯᠠ ᠭᠡᠵᠦ ᠰᠠᠯᠬᠢᠯᠠᠪᠠ ᠤᠤ ?
ᠡᠭᠦᠯᠡ ᠬᠤᠷ᠎ᠠ ᠪᠠᠨ
ᠫᠤᠤᠳᠠᠯ᠎ᠠ ᠭᠡᠵᠦ ᠰᠠᠯᠬᠢᠯᠠᠪᠠ ᠤᠤ ?
ᠦᠰᠦᠭ ᠪᠢᠴᠢᠭ ᠢᠶ᠋ᠡᠨ
ᠬᠣᠯᠢᠯᠠ ᠭᠡᠵᠦ ᠰᠠᠯᠬᠢᠯᠠᠪᠠ ᠤᠤ ?
ᠲᠠᠪᠤᠨ ᠬᠣᠰᠢᠭᠤ ᠮᠠᠯ ᠢᠶ᠋ᠠᠨ
ᠥᠭᠡᠷᠡᠴᠢᠯᠡᠯ᠎ᠡ ᠭᠡᠵᠦ ᠰᠠᠯᠬᠢᠯᠠᠪᠠ ᠤᠤ ?
ᠲᠠᠪᠤᠨ ᠮᠥᠰᠥ ᠶ᠋ᠢᠨ
ᠰᠤᠷᠭᠠᠯ ᠢᠶ᠋ᠠᠨ ᠮᠠᠷᠲᠠᠯ᠎ᠠ ᠭᠡᠵᠦ ᠰᠠᠯᠬᠢᠯᠠᠪᠠ ᠤᠤ ?
ᠵᠢᠷᠭᠠᠯ ᠤᠨ ᠴᠠᠭᠠᠨ᠎ᠠ
ᠵᠣᠪᠠᠯᠠᠩ ᠪᠠᠶ᠋ᠢᠳᠠᠭ ᠶᠤᠮ ᠮᠡᠳᠡᠭᠦᠯᠬᠦ ᠭᠡᠵᠦ ᠰᠠᠯᠬᠢᠯᠠᠪᠠ ᠤᠤ ?
ᠵᠢᠭᠠᠬᠠᠨ ᠴᠤ᠌ ᠭᠡᠰᠡᠨ ᠤᠬᠠᠭᠠᠷᠠᠭᠠᠴᠢ ᠭᠡᠵᠦ ᠳᠣᠬᠢᠶ᠎ᠠ ᠥᠭᠴᠦ
ᠰᠠᠯᠬᠢᠯᠠᠪᠠ ᠤᠤ ?
ᠮᠠᠩᠬᠠᠨ ᠨᠤᠲᠤᠭ ᠲᠦ ᠮᠢᠨᠢ ᠰᠠᠯᠬᠢᠯᠠᠭᠰᠠᠨ ᠮᠠᠯᠵᠢᠯ ᠳᠤ ᠭᠠᠭᠴᠠ ᠵᠣᠷᠢᠭᠤᠯᠤᠭᠰᠠᠨ
ᠪᠢᠰᠢ ᠪᠠᠶ᠋ᠢᠬᠤ ᠠ᠋ !
ᠮᠠᠨᠳᠤᠬᠤ ᠨᠠᠷᠠᠨ
ᠰᠠᠷᠠᠨ ᠢ ᠬᠠᠯᠬᠠᠯᠠᠵᠤ ᠰᠠᠯᠬᠢᠯᠠᠭᠰᠠᠨ ᠮᠠᠯᠴᠢᠨ ᠲᠡᠮᠡᠭᠡᠴᠢᠨ ᠨᠠᠮ᠎ᠠ ᠳᠤ ᠵᠣᠷᠢᠭᠤᠯᠤᠭᠰᠠᠨ ᠪᠠᠶ᠋ᠢᠬᠤ
ᠠ᠋ !
ᠬᠠᠤᠭᠢᠬᠤ ᠰᠠᠯᠬᠢᠨ
ᠱᠤᠤᠭᠢᠭᠠᠳ ᠪᠠᠶ᠋ᠢᠨ᠎ᠠ ᠂
ᠬᠠᠰᠢᠷ ᠮᠠᠯᠴᠢᠨ
ᠵᠣᠪᠠᠭᠠᠳ ᠪᠠᠶ᠋ᠢᠨ᠎ᠠ ᠂
ᠬᠥᠭᠡᠷᠦᠬᠦᠢ ᠮᠠᠯ ᠨᠢ
ᠡᠴᠡᠭᠡᠳ ᠪᠠᠶ᠋ᠢᠨ᠎ᠠ ᠂
ᠬᠠᠶᠠ ᠬᠠᠶᠠ ᠰᠢᠯᠦᠭᠯᠡᠭᠡᠳ
ᠪᠠᠶ᠋ᠢᠨ᠎ᠠ ᠃
