ᠢᠷᠦᠭᠡᠯ ᠰᠡᠷᠭᠦᠭᠡᠭᠰᠡᠨ ᠪᠠᠶᠠᠷ-ᠨᠠᠷᠠᠰᠤЕрөөл сэргээсэн баяр-Нарс ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠷᠦᠭᠡᠯ ᠰᠡᠷᠭᠦᠭᠡᠭᠰᠡᠨ ᠪᠠᠶᠠᠷ-ᠨᠠᠷᠠᠰᠤЕрөөл сэргээсэн баяр-Нарс

ᠢᠷᠦᠭᠡᠯ ᠰᠡᠷᠭᠦᠭᠡᠭᠰᠡᠨ ᠪᠠᠶᠠᠷ-ᠨᠠᠷᠠᠰᠤЕрөөл сэргээсэн баяр-Нарс

ᠠᠩᠭᠢᠯᠠᠯ:ᠳᠠᠭᠤᠤ ᠬᠥᠭᠵᠢᠮ
2022-12-12

317

ᠢᠷᠦᠭᠡᠯ ᠰᠡᠷᠭᠦᠭᠡᠭᠰᠡᠨ ᠪᠠᠶᠠᠷ -ᠮᠥᠩᠭᠦᠨᠴᠡᠴᠡᠭЕрөөл сэргээсэн баяр-мөнгөнцэцэг

ᠢᠷᠦᠭᠡᠯ ᠰᠡᠷᠭᠦᠭᠡᠭᠰᠡᠨ ᠪᠠᠶᠠᠷ

   ᠦᠭᠡ ᠄ ᠱ ᠭᠦᠷᠦᠪᠠᠽᠠᠷ
   ᠠᠶ᠎ᠠ ᠄ ᠯ ᠪᠠᠯᠾᠠᠠᠠᠵᠠᠪ
   ᠳᠠᠭᠤᠴᠢᠨ ᠄ ᠨᠠᠷᠠᠰᠤ

ᠶᠢᠰᠦᠨ ᠥᠩᠭᠡ ᠶᠢᠨ ᠰᠠᠴᠤᠯᠢ ᠰᠢᠯᠭᠢᠬᠦ ᠳᠦ ᠨᠠᠷᠠᠨ ᠪᠠᠶᠠᠰᠤᠯ ᠲᠠᠢ
ᠢᠷᠦᠭᠡᠯ ᠨᠥᠮᠥᠷᠦᠭᠰᠡᠨ ᠡᠪᠦᠭᠡᠳ ᠬᠦᠭᠵᠢᠬᠦ ᠳᠤ ᠨᠠᠰᠤᠨ ᠪᠤᠶᠠᠨ ᠲᠠᠢ
ᠥᠯᠵᠡᠢ ᠬᠡ ᠲᠠᠢ ᠠᠰᠠᠷ ᠳᠡᠷᠪᠡᠬᠦ ᠳᠦ ᠳᠡᠨᠵᠢ ᠵᠢᠪᠬᠤᠭ᠎ᠠ ᠲᠠᠢ
ᠥᠷᠭᠡᠨ ᠲᠦᠮᠡᠨ ᠣᠯᠠᠨ ‍ᠢᠶ᠋ᠠᠷ ᠨᠠᠭᠠᠳᠬᠤ ᠳᠤ ᠳᠡᠯᠡᠬᠡᠢ ᠵᠢᠷᠭᠠᠯ ᠲᠠᠢ
ᠥᠷᠭᠡᠨ ᠲᠦᠮᠡᠨ ᠣᠯᠠᠨ ‍ᠢᠶ᠋ᠠᠷ ᠨᠠᠭᠠᠳᠬᠤ ᠳᠤ ᠳᠡᠯᠡᠬᠡᠢ ᠵᠢᠷᠭᠠᠯ ᠲᠠᠢ
ᠡᠪᠦᠭᠡᠨ ᠬᠤᠭᠤᠷ ᠤᠨ ᠴᠢᠪᠬᠠᠳᠠᠰᠤ ᠳᠣᠷᠭᠢᠬᠤ ᠳᠤ ᠬᠥᠨᠳᠡᠢ ᠡᠭᠡᠰᠢᠭ ᠲᠠᠢ
ᠥᠨᠢᠷ ᠣᠯᠠᠨ ᠴᠤᠭᠭᠠᠷ ᠪᠥᠵᠢᠬᠦ ᠳᠦ ᠬᠥᠭᠵᠢᠯ ᠪᠠᠶᠠᠷ ᠲᠠᠢ
ᠤᠷᠠᠨ ᠰᠤᠭᠤ ᠥᠬᠢᠳ ᠪᠥᠵᠢᠬᠦ ᠳᠦ ᠰᠠᠯᠬᠢᠨ ᠬᠥᠭ ᠲᠠᠢ
ᠤᠳᠤᠮ ᠴᠢᠩᠭ᠎ᠠ ᠪᠥᠬᠡᠴᠦᠳ ᠳᠡᠪᠢᠬᠦ ᠳᠦ ᠠᠰᠠᠷ ᠨᠠᠢᠭᠤᠭᠠᠰᠤᠲᠠᠢ
ᠤᠳᠤᠮ ᠴᠢᠩᠭ᠎ᠠ ᠪᠥᠬᠡᠴᠦᠳ ᠳᠡᠪᠢᠬᠦ ᠳᠦ ᠠᠰᠠᠷ ᠨᠠᠢᠭᠤᠭᠠᠰᠤᠲᠠᠢ
ᠨᠠᠭᠠᠳᠤᠮ ᠴᠡᠩᠭᠡᠯ ᠮᠢᠨᠢ ᠬᠥᠭᠵᠢᠯ ᠬᠥᠷ ᠲᠠᠢ
ᠨᠠᠢ᠍ᠮᠠᠨ ᠲᠠᠲᠠᠯᠭᠠᠲᠤ ᠬᠤᠭᠤᠷ ᠮᠢᠨᠢ ᠬᠥᠭ ‍ᠢᠶ᠋ᠡᠷ ‍ᠢᠶ᠋ᠡᠨ
ᠵᠠᠭᠤᠨ ᠨᠠᠢ᠍ᠮᠠᠨ ᠪᠢᠯᠢᠭ᠌ ᠲᠡᠭᠰᠢᠷᠡᠵᠦ ᠪᠤᠶᠠᠨ ᠬᠣᠲᠠᠯᠠᠨ᠎ᠠ
ᠵᠢᠷᠭᠠᠯᠲᠠᠢ ᠲᠦᠮᠡᠨ ᠮᠢᠨᠢ ᠠᠰᠢᠳᠠ ᠤᠯᠠᠮ ᠳᠡᠯᠭᠡᠷᠡᠨ᠎ᠡ
ᠵᠢᠷᠭᠠᠯᠲᠠᠢ ᠲᠦᠮᠡᠨ ᠮᠢᠨᠢ ᠠᠰᠢᠳᠠ ᠤᠯᠠᠮ ᠳᠡᠯᠭᠡᠷᠡᠨ᠎ᠡ
ᠵᠠᠭᠤᠨ ᠥᠩᠭᠡ ᠶᠢᠨ ᠲᠣᠷᠭ᠎ᠠ ᠠᠯᠠᠭᠯᠠᠬᠤ ᠳᠤ ᠬᠥᠨᠳᠡᠢ ᠰᠣᠯᠣᠩᠭ᠎ᠠ ᠲᠠᠢ
ᠵᠤᠨ ᠤ ᠭᠤᠷᠪᠠᠨ ᠰᠠᠷ᠎ᠠ ᠨᠢ ᠬᠥᠭᠵᠢᠬᠦ ᠳᠦ ᠬᠥᠬᠥᠭᠡ ᠪᠠᠶᠠᠷ ᠲᠠᠢ
ᠡᠷᠲᠡᠨ ᠦ ᠰᠠᠶ᠋ᠢᠬᠠᠨ ᠳᠡᠷᠭᠡᠳᠡ ᠳᠡᠯᠭᠡᠷᠡᠬᠦ ᠳᠦ ᠵᠠᠩᠰᠢᠯ ᠰᠡᠷᠭᠦᠨ᠎ᠡ ᠳ᠋ᠡ
ᠡᠴᠢᠭᠡ ᠡᠪᠦᠭᠡᠳ ᠦᠨ ᠶᠣᠰᠣ ᠪᠠᠨ ᠲᠦᠰᠢᠬᠦ ᠳᠦ ᠵᠠᠶᠠᠭ᠎ᠠ ᠪᠠᠳᠠᠷᠠᠨ᠎ᠠ ᠳ᠋ᠠ
ᠡᠴᠢᠭᠡ ᠡᠪᠦᠭᠡᠳ ᠦᠨ ᠶᠣᠰᠣ ᠪᠠᠨ ᠲᠦᠰᠢᠬᠦ ᠳᠦ ᠵᠠᠶᠠᠭ᠎ᠠ ᠪᠠᠳᠠᠷᠠᠨ᠎ᠠ ᠳ᠋ᠠ
ᠨᠠᠭᠠᠳᠤᠮ ᠴᠡᠩᠭᠡᠯ ᠮᠢᠨᠢ ᠬᠥᠭᠵᠢᠯ ᠬᠥᠷ ᠲᠠᠢ
ᠨᠠᠢ᠍ᠮᠠᠨ ᠲᠠᠲᠠᠯᠭᠠᠲᠤ ᠬᠤᠭᠤᠷ ᠮᠢᠨᠢ ᠬᠥᠭ ‍ᠢᠶ᠋ᠡᠷ ‍ᠢᠶ᠋ᠡᠨ
ᠵᠠᠭᠤᠨ ᠨᠠᠢ᠍ᠮᠠᠨ ᠪᠢᠯᠢᠭ᠌ ᠲᠡᠭᠰᠢᠷᠡᠵᠦ ᠪᠤᠶᠠᠨ ᠬᠣᠲᠠᠯᠠᠨ᠎ᠠ
ᠵᠢᠷᠭᠠᠯᠲᠠᠢ ᠲᠦᠮᠡᠨ ᠮᠢᠨᠢ ᠠᠰᠢᠳᠠ ᠤᠯᠠᠮ ᠳᠡᠯᠭᠡᠷᠡᠨ᠎ᠡ
ᠵᠢᠷᠭᠠᠯᠲᠠᠢ ᠲᠦᠮᠡᠨ ᠮᠢᠨᠢ ᠠᠰᠢᠳᠠ ᠤᠯᠠᠮ ᠳᠡᠯᠭᠡᠷᠡᠨ᠎ᠡ
ᠵᠢᠷᠭᠠᠯᠲᠠᠢ ᠲᠦᠮᠡᠨ ᠮᠢᠨᠢ ᠠᠰᠢᠳᠠ ᠤᠯᠠᠮ
ᠳᠡᠯᠭᠡᠷᠡᠨ᠎ᠡ ᠁