ᠲᠣᠭᠲᠠᠬᠤ ᠪᠠᠭᠠᠲᠤᠷ-ᠬᠣᠷᠴᠢᠨ ᠠᠷᠠᠳ ᠤᠨ ᠳᠠᠭᠤᠤ-ᠳᠠᠭᠤᠴᠢᠨ ᠰᠡᠷᠭᠦᠯᠡᠩТогтох баатар-хорчин ардын дуу-дуучин сэргэлэн
ᠲᠣᠭᠲᠠᠬᠤ ᠪᠠᠭᠠᠲᠤᠷ
ᠰᠡᠷᠭᠦᠯᠡᠩ ᠳᠠᠭᠤᠯᠠᠨ᠎ᠠ
ᠠᠭᠲᠠ ᠬᠦᠯᠦᠭ ᠮᠣᠷᠢᠨ ᠳ᠋ᠠᠭᠠᠨ ᠮᠣᠷᠳᠠᠭᠠᠳ ᠭᠠᠷᠬᠤ ᠯᠠᠢ ᠲᠣᠭᠲᠠᠬᠤ
ᠠᠯᠲᠠ ᠪᠣᠯᠤᠨ ᠮᠥᠩᠭᠥ ᠳ᠋ᠡᠭᠡᠨ ᠳᠤᠷᠠᠯᠠᠭᠰᠠᠨ ᠪᠢᠰᠢ
ᠰᠢᠦ
ᠠᠷᠤ ᠶ᠋ᠢᠨ ᠰᠠᠢᠬᠠᠨ ᠮᠣᠩᠭᠣᠯ ᠨᠤᠲᠤᠭ ᠢ᠋ᠶ᠋ᠠᠨ ᠬᠠᠮᠠᠭᠠᠯᠠᠬᠤ ᠶ᠋ᠢᠨ ᠲᠥᠯᠥᠭᠡ ᠶᠦ᠍ᠮ
ᠠᠯᠪᠠᠨ ᠵᠤᠷᠭᠠᠨ ᠶᠠᠮᠤᠨ ᠲᠠᠢ ᠠᠯᠠᠯᠳᠤᠭᠠᠨ ᠲᠡᠮᠡᠴᠡᠭᠡᠨ ᠪᠣᠯᠤᠭᠰᠠᠨ
ᠶᠤᠮ
ᠦᠷᠢᠶ᠎ᠡ ᠬᠦᠯᠦᠭ ᠮᠣᠷᠢᠨ ᠳ᠋ᠠᠭᠠᠨ ᠮᠣᠷᠳᠠᠭᠠᠳ ᠭᠠᠷᠬᠤ ᠯᠠᠢ ᠲᠣᠭᠲᠠᠬᠤ
ᠡᠳ᠋ ᠪᠣᠯᠤᠨ ᠮᠥᠩᠭᠥ ᠳ᠋ᠡᠭᠡᠨ ᠳᠤᠷᠠᠯᠠᠭᠰᠠᠨ ᠪᠢᠰᠢ
ᠰᠢᠦ
ᠥᠪᠡᠷ ᠦ᠋ᠨ ᠰᠠᠢᠬᠠᠨ ᠮᠣᠩᠭᠣᠯ ᠨᠤᠲᠤᠭ ᠢ᠋ᠶ᠋ᠠᠨ ᠬᠠᠮᠠᠭᠠᠯᠠᠬᠤ ᠶ᠋ᠢᠨ ᠲᠥᠯᠥᠭᠡ ᠶᠦ᠍ᠮ
ᠡᠵᠡᠨ ᠵᠤᠷᠭᠠᠨ
ᠶᠠᠮᠤᠨ ᠲᠠᠢ ᠦᠵᠡᠯᠴᠡᠭᠡᠨ ᠲᠡᠮᠡᠴᠡᠭᠡᠨ ᠪᠣᠯᠤᠭᠰᠠᠨ ᠶᠤᠮ
ᠲᠣᠭᠣᠷ ᠤ᠋ᠨ ᠭᠣᠣᠯ ᠤ᠋ᠨ ᠵᠢᠭᠠᠰᠤ ᠴᠢᠨᠢ ᠬᠡᠳᠦᠢ ᠠᠷᠪᠢᠨ ᠪᠠᠶ᠋ᠢᠪᠠᠴᠤ
ᠲᠣᠭᠣᠷᠤᠤ ᠰᠢᠪᠠᠭᠤ ᠨᠢ
ᠲᠡᠭᠦᠵᠦ ᠢᠲᠡᠭᠰᠡᠭᠡᠷ ᠪᠠᠷᠠᠭᠠᠵᠠᠢ
ᠲᠤᠤ ᠨᠠᠨ ᠹᠦ ᠶ᠋ᠢᠨ ᠬᠤᠶ᠋ᠢᠰᠢᠶᠠ ᠴᠡᠷᠢᠭ ᠴᠢᠨᠢ ᠬᠡᠳᠦᠢ ᠣᠯᠠᠨ
ᠪᠣᠯᠪᠠᠴᠤ
ᠳᠠᠭᠤ ᠶ᠋ᠢᠨ ᠲᠣᠭᠲᠠᠬᠤ ᠳ᠋ᠤ᠌ ᠠᠯᠠᠭᠳᠠᠭᠰᠠᠭᠠᠷ ᠪᠠᠷᠠᠭᠠᠳ ᠳᠠᠭᠤᠰᠴᠠᠢ
ᠴᠠᠭᠠᠨ ᠨᠠᠭᠤᠷ ᠤ᠋ᠨ ᠵᠢᠭᠠᠰᠤ ᠴᠢᠨᠢ ᠬᠡᠳᠦᠢ ᠠᠷᠪᠢᠨ ᠪᠠᠶ᠋ᠢᠪᠠᠴᠤ
ᠴᠠᠬᠤᠯᠠᠢ ᠰᠢᠪᠠᠭᠤ ᠨᠢ
ᠲᠡᠭᠦᠵᠦ ᠢᠲᠡᠭᠰᠡᠭᠡᠷ ᠪᠠᠷᠠᠭᠠᠵᠠᠢ
ᠱᠠᠭᠠᠵᠠᠭᠠᠢ ᠬᠣᠲᠠ ᠶ᠋ᠢᠨ ᠬᠤᠶ᠋ᠢᠰᠢᠶᠠ ᠴᠡᠷᠢᠭ ᠴᠢᠨᠢ ᠬᠡᠳᠦᠢ ᠣᠯᠠᠨ ᠪᠣᠯᠪᠠᠴᠤ
ᠰᠠᠢᠨ ᠡᠷ᠎ᠡ ᠲᠣᠭᠲᠠᠬᠤ ᠳ᠋ᠤ᠌ ᠠᠯᠠᠭᠳᠠᠭᠰᠠᠭᠠᠷ ᠪᠠᠷᠠᠭᠠᠳ ᠳᠠᠭᠤᠰᠴᠠᠢ
ᠥᠨᠳᠥᠷ ᠰᠣᠯᠣᠨ ᠠᠭᠤᠯᠠᠨ ᠤ᠋ ᠳᠡᠭᠡᠷ᠎ᠡ ᠨᠢ ᠭᠠᠷᠤᠭᠠᠳ
ᠦᠵᠡᠬᠦᠯᠡᠷ
ᠥᠪᠡᠷ ᠦ᠋ᠨ ᠨᠤᠲᠤᠭ ᠡᠮᠦᠨ᠎ᠡ
ᠭᠣᠷᠯᠣᠰ ᠦᠵᠡᠬᠦ ᠨᠢᠳᠦᠨ ᠳ᠋ᠦ᠍ ᠬᠠᠷᠠᠭᠳᠠᠮᠠᠷ
ᠦᠳᠡᠯᠦᠭᠡ ᠵᠠᠯᠠᠭᠤ ᠣᠯᠠᠨ ᠢ᠋ᠶ᠋ᠠᠷ ᠢ᠋ᠶ᠋ᠠᠨ ᠥᠷᠥᠴᠡ ᠴᠡᠭᠡᠵᠢᠨ ᠳ᠋ᠦ᠍ ᠪᠣᠳᠣᠭᠳᠠᠨ᠎ᠠ ᠰᠢᠦ
ᠦᠵᠡᠬᠦ ᠬᠣᠶᠠᠷ ᠨᠢᠳᠦᠨ ᠦ᠌ ᠨᠢᠯᠪᠤᠰᠤ ᠡᠩᠭᠡᠷ ᠤᠷᠤᠭᠤ ᠳᠤᠰᠤᠯᠠᠨ᠎ᠠ
ᠠᠰᠬ᠎ᠠ ᠥᠨᠳᠥᠷ ᠠᠭᠤᠯᠠᠨ ᠤ᠋ ᠳᠡᠭᠡᠷ᠎ᠡ ᠨᠢ ᠭᠠᠷᠤᠭᠠᠳ
ᠦᠵᠡᠬᠦᠯᠡᠷ
ᠠᠪᠤ ᠶ᠋ᠢᠨ ᠨᠤᠲᠤᠭ ᠡᠮᠦᠨ᠎ᠡ
ᠭᠣᠷᠯᠣᠰ ᠦᠵᠡᠬᠦ ᠨᠢᠳᠦᠨ ᠳ᠋ᠦ᠍ ᠬᠠᠷᠠᠭᠳᠠᠮᠠᠷ
ᠠᠭᠰᠢᠷᠠᠭ᠎ᠠ ᠵᠠᠯᠠᠭᠤ ᠣᠯᠠᠨ ᠢ᠋ᠶ᠋ᠠᠷ ᠢ᠋ᠶ᠋ᠠᠨ ᠠᠶᠤᠤᠯᠢᠬᠠᠢ ᠴᠡᠭᠡᠵᠢᠨ ᠳ᠋ᠦ᠍ ᠪᠣᠳᠣᠭᠳᠠᠨ᠎ᠠ ᠰᠢᠦ
ᠠᠯᠠᠭ ᠬᠣᠶᠠᠷ ᠨᠢᠳᠦᠨ ᠦ᠌ ᠨᠢᠯᠪᠤᠰᠤ ᠡᠩᠭᠡᠷ ᠤᠷᠤᠭᠤ ᠤᠷᠤᠰᠤᠨ᠎ᠠ
ᠠᠯᠠᠭ ᠬᠣᠶᠠᠷ ᠨᠢᠳᠦᠨ ᠦ᠌ ᠨᠢᠯᠪᠤᠰᠤ ᠡᠩᠭᠡᠷ ᠤᠷᠤᠭᠤ ᠤᠷᠤᠰᠤᠨ᠎ᠠ ᠃
ᠦᠰᠦᠭ ᠠᠮᠢᠯᠠᠭᠤᠯᠤᠭᠴᠢ ᠄ ᠴᠣᠭᠵᠢᠷᠭᠠᠯ
ᠬᠢᠨᠠᠭᠴᠢ ᠄ ᠮᠦᠩᠭᠦᠨᠴᠡᠴᠡᠭ
