ᠪᠦᠬᠦ ᠳᠡᠯᠡᠬᠡᠢ ᠶ᠋ᠢᠨ ᠮᠣᠩᠭᠣᠯᠴᠤᠳ- ᠳ᠋ᠠᠰᠢᠳᠠᠮᠪᠢᠷᠠᠯ-Бөх дэлхийн монголчууд-дашдамбийрэл ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠬᠦ ᠳᠡᠯᠡᠬᠡᠢ ᠶ᠋ᠢᠨ ᠮᠣᠩᠭᠣᠯᠴᠤᠳ- ᠳ᠋ᠠᠰᠢᠳᠠᠮᠪᠢᠷᠠᠯ-Бөх дэлхийн монголчууд-дашдамбийрэл

ᠪᠦᠬᠦ ᠳᠡᠯᠡᠬᠡᠢ ᠶ᠋ᠢᠨ ᠮᠣᠩᠭᠣᠯᠴᠤᠳ- ᠳ᠋ᠠᠰᠢᠳᠠᠮᠪᠢᠷᠠᠯ-Бөх дэлхийн монголчууд-дашдамбийрэл

ᠠᠩᠭᠢᠯᠠᠯ:ᠳᠠᠭᠤᠤ ᠬᠥᠭᠵᠢᠮ
2022-12-11

4057

ᠪᠥᠬᠥ ᠳᠡᠯᠡᠬᠡᠢ ᠶᠢᠨ ᠮᠣᠩᠭᠣᠯᠴᠤᠳ

   ᠰᠢᠯᠦᠭ ᠄ ᠰᠡᠴᠡᠨᠪᠠᠳᠤ 
   ᠠᠶ᠎ᠠ ᠄ ᠪᠠᠰᠠᠩᠳᠣᠷᠵᠢ 
   ᠳᠠᠭᠤᠴᠢᠨ ᠄ ᠳ᠋ᠠᠰᠢᠳᠡᠮᠪᠡᠷᠢᠯ 
ᠪᠢᠳᠡ ᠪᠦᠭᠦᠳᠡᠭᠡᠷ ᠢ᠋ᠶ᠋ᠡᠨ ᠨᠢᠭᠡ ᠯᠡ ᠬᠥᠬᠡ ᠲᠩᠷᠢ ᠲᠡᠢ ᠪᠢᠯᠡ 
ᠪᠢᠳᠡ ᠪᠦᠭᠦᠳᠡᠭᠡᠷ ᠢ᠋ᠶ᠋ᠡᠨ ᠨᠢᠭᠡ ᠯᠡ ᠬᠥᠬᠡ ᠲᠤᠭ ᠲᠠᠢ ᠪᠢᠯᠡ 
ᠪᠢᠳᠡ ᠪᠦᠭᠦᠳᠡᠭᠡᠷ ᠢ᠋ᠶ᠋ᠡᠨ ᠥᠷᠭᠡᠨ ᠠᠭᠤᠳᠠᠮ ᠨᠤᠲᠤᠭ ᠲᠠᠢ ᠪᠢᠯᠡ 
ᠪᠢᠳᠡ ᠪᠦᠭᠦᠳᠡᠭᠡᠷ ᠢ᠋ᠶ᠋ᠡᠨ ᠨᠢᠭᠡ ᠯᠡ ᠮᠣᠩᠭᠣᠯ ᠤᠭᠰᠠᠭ᠎ᠠ ᠰᠢᠦ 
ᠪᠦᠬᠦ ᠳᠡᠯᠡᠬᠡᠢ ᠶ᠋ᠢᠨ ᠮᠣᠩᠭᠣᠯᠴᠤᠳ ᠮᠢᠨᠢ 
ᠪᠠᠷᠠᠭᠤᠨ ᠵᠡᠭᠦᠨ ᠭᠡᠵᠦ ᠢᠯᠭᠠᠬᠤ ᠦᠭᠡᠢ ᠯᠡ ᠪᠣᠯᠤᠭᠠᠰᠠᠢ 
ᠪᠦᠬᠦ ᠳᠡᠯᠡᠬᠡᠢ ᠶ᠋ᠢᠨ ᠮᠣᠩᠭᠣᠯᠴᠤᠳ ᠮᠢᠨᠢ 
ᠠᠷᠤ ᠥᠪᠥᠷ ᠭᠡᠵᠦ ᠬᠤᠪᠢᠶᠠᠬᠤ ᠦᠭᠡᠢ ᠪᠣᠯᠤᠭᠠᠰᠠᠢ 
ᠮᠣᠩᠭᠣᠯᠴᠤᠳ ᠮᠢᠨᠢ ᠮᠣᠩᠭᠣᠯ ᠢ᠋ᠶ᠋ᠠᠨ ᠨᠠᠨᠳᠢᠩᠨᠠᠭᠠᠰᠠᠢ  
ᠮᠣᠩᠭᠣᠯᠴᠤᠳ ᠮᠢᠨᠢ ᠮᠣᠩᠭᠣᠯ ᠢ᠋ᠶ᠋ᠠᠨ ᠳᠡᠭᠡᠳᠦᠯᠡᠭᠡᠰᠡᠢ 
ᠮᠣᠩᠭᠣᠯᠴᠤᠳ ᠮᠢᠨᠢ ᠮᠣᠩᠭᠣᠯ ᠢ᠋ᠶ᠋ᠠᠷ ᠢ᠋ᠶ᠋ᠠᠨ ᠣᠮᠣᠭᠰᠢᠭᠠᠰᠠᠢ 

ᠪᠢᠳᠡ ᠪᠦᠭᠦᠳᠡᠭᠡᠷ ᠢ᠋ᠶ᠋ᠡᠨ ᠨᠢᠭᠡ ᠯᠡ ᠵᠢᠷᠦᠬᠡ ᠰᠡᠳᠬᠢᠯ ᠲᠡᠢ ᠪᠢᠯᠡ
ᠪᠢᠳᠡ ᠪᠦᠭᠦᠳᠡᠭᠡᠷ ᠢ᠋ᠶ᠋ᠡᠨ ᠨᠤᠭᠤᠷᠠᠰᠢ ᠦᠭᠡᠢ ᠵᠣᠷᠢᠭ ᠲᠠᠢ ᠪᠢᠯᠡ
ᠪᠢᠳᠡ ᠪᠦᠭᠦᠳᠡᠭᠡᠷ ᠢ᠋ᠶ᠋ᠡᠨ ᠡᠵᠡᠨ ᠴᠢᠩᠭᠢᠰ ᠦ᠋ᠨ ᠤᠳᠤᠮ ᠲᠠᠢ ᠪᠢᠯᠡ
ᠪᠢᠳᠡ ᠪᠦᠭᠦᠳᠡᠭᠡᠷ ᠢ᠋ᠶ᠋ᠡᠨ ᠨᠢᠭᠡ ᠯᠡ ᠮᠣᠩᠭᠣᠯ ᠤᠭᠰᠠᠭ᠎ᠠ ᠰᠢᠦ
ᠪᠦᠬᠦ ᠳᠡᠯᠡᠬᠡᠢ ᠶ᠋ᠢᠨ ᠮᠣᠩᠭᠣᠯᠴᠤᠳ ᠮᠢᠨᠢ
ᠪᠠᠷᠠᠭᠤᠨ ᠵᠡᠭᠦᠨ ᠭᠡᠵᠦ ᠢᠯᠭᠠᠬᠤ ᠦᠭᠡᠢ ᠯᠡ ᠪᠣᠯᠤᠭᠠᠰᠠᠢ
ᠪᠦᠬᠦ ᠳᠡᠯᠡᠬᠡᠢ ᠶ᠋ᠢᠨ ᠮᠣᠩᠭᠣᠯᠴᠤᠳ ᠮᠢᠨᠢ
ᠠᠷᠤ ᠥᠪᠥᠷ ᠭᠡᠵᠦ ᠬᠤᠪᠢᠶᠠᠬᠤ ᠦᠭᠡᠢ ᠪᠣᠯᠤᠭᠠᠰᠠᠢ
ᠮᠣᠩᠭᠣᠯᠴᠤᠳ ᠮᠢᠨᠢ ᠮᠣᠩᠭᠣᠯ ᠢ᠋ᠶ᠋ᠠᠨ ᠨᠠᠨᠳᠢᠩᠨᠠᠭᠠᠰᠠᠢ
ᠮᠣᠩᠭᠣᠯᠴᠤᠳ ᠮᠢᠨᠢ ᠮᠣᠩᠭᠣᠯ ᠢ᠋ᠶ᠋ᠠᠨ ᠳᠡᠭᠡᠳᠦᠯᠡᠭᠡᠰᠡᠢ
ᠮᠣᠩᠭᠣᠯᠴᠤᠳ ᠮᠢᠨᠢ ᠮᠣᠩᠭᠣᠯ ᠢ᠋ᠶ᠋ᠠᠷ ᠢ᠋ᠶ᠋ᠠᠨ ᠣᠮᠣᠭᠰᠢᠭᠠᠰᠠᠢ

ᠪᠢᠳᠡ ᠪᠦᠭᠦᠳᠡᠭᠡᠷ ᠢ᠋ᠶ᠋ᠡᠨ ᠬᠡᠢᠮᠣᠷᠢ ᠰᠦᠯᠳᠡ ᠲᠡᠢ ᠪᠢᠯᠡ
ᠪᠢᠳᠡ ᠪᠦᠭᠦᠳᠡᠭᠡᠷ ᠢ᠋ᠶ᠋ᠡᠨ ᠳᠡᠯᠡᠬᠡᠢ ᠶ᠋ᠢ ᠵᠠᠬᠢᠷᠤᠭᠰᠠᠨ ᠲᠡᠦᠬᠡ ᠲᠡᠢ
ᠪᠢᠳᠡ ᠪᠦᠭᠦᠳᠡᠭᠡᠷ ᠢ᠋ᠶ᠋ᠡᠨ ᠶᠢᠷᠲᠢᠨᠴᠦ ᠶ᠋ᠢ ᠡᠵᠡᠩᠨᠡᠭᠰᠡᠨ ᠰᠣᠶᠣᠯ ᠲᠠᠢ ᠪᠢᠯᠡ
ᠪᠢᠳᠡ ᠪᠦᠭᠦᠳᠡᠭᠡᠷ ᠢ᠋ᠶ᠋ᠡᠨ ᠨᠢᠭᠡ ᠮᠣᠩᠭᠣᠯ ᠤᠭᠰᠠᠭ᠎ᠠ ᠰᠢᠦ
ᠪᠦᠬᠦ ᠳᠡᠯᠡᠬᠡᠢ ᠶ᠋ᠢᠨ ᠮᠣᠩᠭᠣᠯᠴᠤᠳ ᠮᠢᠨᠢ
ᠪᠠᠷᠠᠭᠤᠨ ᠵᠡᠭᠦᠨ ᠭᠡᠵᠦ ᠢᠯᠭᠠᠬᠤ ᠦᠭᠡᠢ ᠯᠡ ᠪᠣᠯᠤᠭᠠᠰᠠᠢ
ᠪᠦᠬᠦ ᠳᠡᠯᠡᠬᠡᠢ ᠮᠣᠩᠭᠣᠯᠴᠤᠳ ᠮᠢᠨᠢ
ᠠᠷᠤ ᠥᠪᠥᠷ ᠭᠡᠵᠦ ᠬᠤᠪᠢᠶᠠᠬᠤ ᠦᠭᠡᠢ ᠪᠣᠯᠤᠭᠠᠰᠠᠢ
ᠮᠣᠩᠭᠣᠯᠴᠤᠳ ᠮᠢᠨᠢ ᠮᠣᠩᠭᠣᠯ ᠢ᠋ᠶ᠋ᠠᠨ ᠨᠠᠨᠳᠢᠩᠨᠠᠭᠠᠰᠠᠢ
ᠮᠣᠩᠭᠣᠯᠴᠤᠳ ᠮᠢᠨᠢ ᠮᠣᠩᠭᠣᠯ ᠢ᠋ᠶ᠋ᠠᠨ ᠳᠡᠭᠡᠳᠦᠯᠡᠭᠡᠰᠡᠢ
ᠮᠣᠩᠭᠣᠯᠴᠤᠳ ᠮᠢᠨᠢ ᠮᠣᠩᠭᠣᠯ ᠢ᠋ᠶ᠋ᠠᠷ ᠢ᠋ᠶ᠋ᠠᠨ ᠣᠮᠣᠭᠰᠢᠭᠠᠰᠠᠢ

   ᠦᠰᠦᠭ ᠠᠮᠢᠯᠠᠭᠤᠯᠤᠭᠰᠠᠨ ᠨᠢ ᠄ ᠪᠠᠭᠠᠲᠤᠷ
   ᠬᠢᠨᠠᠭᠴᠢ᠄ ᠴᠣᠯᠮᠣᠨᠲᠤᠶᠠᠭ᠎ᠠ 
           2023 ᠣᠨ ᠤ᠋2 ᠰᠠᠷ᠎ᠠ ᠶ᠋ᠢᠨ27