ᠬᠥᠨᠵᠢᠯᠡ ᠶᠢᠨ ᠢᠶᠡᠨ ᠬᠢᠷᠢ ᠪᠠᠷ ᠢᠰᠬᠦᠯᠵᠦ ᠠᠳᠤᠭᠤᠨ ᠦ ᠪᠡᠨ ᠬᠢᠷᠢ ᠪᠠᠷ ᠢᠰᠬᠡᠷХөнжлийнхөө хирээр өшиглөж адууныхаа хирээр исгэр
ᠬᠥᠨᠵᠢᠯᠡ ᠶ᠋ᠢᠨ ᠢᠶ᠋ᠡᠨ ᠬᠢᠷᠢ ᠪᠡᠷ ᠢᠰᠬᠦᠯᠵᠦ ᠠᠳᠤᠭᠤᠨ ᠤ ᠪᠠᠨ ᠬᠢᠷᠢ ᠪᠡᠷ ᠢᠰᠬᠡᠷ
ᠰᠠᠶ᠋ᠢᠨ ᠪᠠᠶ᠋ᠢᠨ᠎ᠠ ᠤᠤ ? ᠨᠠᠷᠠᠨ ᠤ ᠪᠣᠷᠣ ᠮᠠᠯᠴᠢᠳ ᠮᠢᠨᠢ ᠂ ᠰᠠᠯᠬᠢ ᠪᠣᠷᠣᠭᠠᠨ ᠳᠤ ᠵᠦᠳᠡᠷᠡᠵᠦ ᠶᠠᠪᠤᠭ᠎ᠠ
ᠢᠷᠭᠡᠳ ᠂ ᠰᠠᠶ᠋ᠢᠬᠠᠨ ᠮᠣᠩᠭᠣᠯ ᠨᠤᠲᠤᠭ ᠤᠨ ᠢᠶ᠋ᠠᠨ ᠬᠠᠳᠠᠨ ᠪᠠᠲᠤ ᠰᠠᠬᠢᠭᠤᠰᠤ ᠨᠤᠭᠤᠳ ᠮᠢᠨᠢ ᠂ ᠰᠦᠨ
ᠴᠠᠭᠠᠨ ᠰᠡᠳᠬᠢᠯ ᠲᠡᠢ ᠬᠠᠶ᠋ᠢᠷ᠎ᠠ ᠶ᠋ᠢᠨ ᠪᠤᠷᠬᠠᠨ ᠰᠢᠲᠦᠭᠡᠨ ᠨᠤᠭᠦᠳ ᠮᠢᠨᠢ ᠂ ᠲᠠ ᠨᠠᠷ ᠰᠠᠶ᠋ᠢᠨ
ᠪᠠᠶ᠋ᠢᠵᠠᠭᠠᠨᠠ ᠤᠤ ?
ᠦᠬᠡᠷ
ᠬᠣᠨᠢᠨ ᠤ ᠬᠠᠩᠰᠢ ᠨᠢ ᠪᠠᠭᠤᠷᠠᠭᠠᠳ ᠂
ᠡᠪᠡᠰᠦ
ᠪᠣᠷᠳᠣᠭᠠᠨ ᠤ ᠦᠨ᠎ᠡ ᠨᠢ ᠥᠰᠦᠭᠡᠳ ᠂
ᠥᠷᠢ
ᠥᠭᠴᠡᠭᠡ ᠵᠢᠯ ᠳᠣᠳᠣᠮ ᠨᠡᠮᠡᠭᠳᠡᠭᠡᠳ ᠂
ᠪᠠᠩᠬᠢ
ᠢᠲᠡᠭᠡᠮᠵᠢ ᠨᠢ ᠪᠠᠶ᠋ᠢᠨ ᠳᠠᠬᠢᠨ ᠱᠠᠭᠠᠷᠳᠠᠭᠠᠳ ᠂
ᠠᠮᠢᠳᠤᠷᠠᠬᠤ
ᠭᠡᠵᠦ ᠬᠡᠴᠡᠭᠦᠦ ᠪᠣᠯᠤᠭ᠎ᠠ ᠤᠤ ?
ᠠᠶ᠋ᠢᠯ
ᠰᠠᠭᠠᠬᠠᠯᠲᠠ ᠪᠠᠷ ᠢᠶ᠋ᠠᠨ ᠰᠡᠳᠬᠢᠯ ᠳᠡᠷᠪᠡᠭᠡ ᠦᠦ ?
ᠰᠢᠭᠦᠬᠦ
ᠳᠦ ᠳᠠᠭᠤᠳᠠᠬᠤ ᠭᠡᠵᠦ ᠵᠠᠷᠭᠤ ᠳᠤ ᠳᠠᠭᠤᠳᠠᠭᠳᠠᠭᠠᠳ ᠂
ᠡᠳᠦᠷ
ᠰᠥᠨᠢ ᠪᠡᠷ ᠶᠠᠭᠠᠷᠠᠵᠤ ᠶᠠᠪᠤᠭ᠎ᠠ ᠤᠤ ?
ᠬᠤᠷᠤᠭᠤ
ᠳᠠᠷᠤᠪᠠᠯ ᠮᠠᠰᠢᠨ ᠠᠪᠤᠭᠠᠳ ᠂
ᠬᠣᠲᠠ
ᠲᠠᠢ ᠮᠠᠯ ᠢᠶ᠋ᠠᠨ ᠬᠣᠭᠣᠰᠣᠯᠠᠵᠤ ᠣᠷᠬᠢᠭᠠᠳ ᠂
ᠬᠡᠳᠦᠭᠦᠯᠡ
ᠨᠡᠶ᠋ᠢᠯᠡᠪᠡᠯ ᠵᠢᠭᠡᠯᠡᠯᠭᠡ ᠠᠪᠤᠭᠠᠳ ᠂
ᠭᠠᠭᠴᠠ
ᠡᠳᠦᠷ ᠬᠠᠭᠠᠨ ᠰᠢᠬ ᠵᠢᠷᠭᠠᠵᠤ ᠂
ᠵᠠᠭᠤᠨ
ᠡᠳᠦᠷ ᠢᠶ᠋ᠡᠷ ᠪᠣᠭᠣᠯ ᠰᠢᠬ ᠵᠢᠳᠬᠦᠭᠰᠡᠨ ᠂
ᠮᠢᠨᠦ
ᠬᠠᠶ᠋ᠢᠷᠠᠲᠠᠢ ᠮᠠᠯᠴᠢᠨ ᠲᠦᠮᠡᠨ ᠮᠠᠨᠢ ᠂
ᠮᠥᠩᠭᠥᠨ
ᠦ ᠡᠷᠢᠯ ᠳᠦ ᠵᠦᠳᠡᠷᠡᠵᠦ ᠶᠠᠪᠤᠭ᠎ᠠ ᠤᠤ ?
ᠥᠷᠢ
ᠶ᠋ᠢᠨ ᠳᠠᠩᠰᠠ ᠶ᠋ᠢ ᠪᠣᠳᠣᠵᠤ ᠦᠵᠡᠭᠡᠳ
ᠡᠳᠦᠷ
ᠰᠥᠨᠢ ᠪᠡᠷ ᠨᠣᠶ᠋ᠢᠷ ᠬᠤᠯᠵᠢᠭᠠ ᠤᠤ ?
ᠮᠠᠰᠢᠨ
ᠤ ᠳᠠᠭᠤ ᠪᠠᠷ ᠵᠢᠷᠦᠬᠡ ᠲᠦᠭᠰᠢᠵᠦ ᠂
ᠥᠷᠢ
ᠶ᠋ᠢᠨ ᠡᠵᠡᠳ ᠡᠴᠡ ᠬᠠᠷᠠᠴᠠ ᠬᠠᠯᠢᠷᠠᠵᠤ ᠂
ᠭᠠᠭᠴᠠ
ᠬᠦ ᠰᠥᠨᠢ ᠪᠡᠷ ᠠᠯᠠᠭ᠎ᠠ ᠪᠣᠯᠤᠭᠠᠳ ᠂
ᠭᠠᠵᠠᠷ
ᠭᠠᠵᠠᠷ ᠢᠶ᠋ᠠᠷ ᠴᠠᠭᠠᠴᠢᠯᠠᠵᠤ ᠲᠡᠨᠦᠭᠡ ᠦᠦ ?
ᠭᠡᠷ
ᠪᠠᠶ᠋ᠢᠲᠠᠯ᠎ᠠ ᠪᠠᠨ ᠣᠷᠣᠵᠤ ᠴᠢᠳᠠᠬᠤ ᠦᠭᠡᠢ ᠂
ᠨᠤᠲᠤᠭ
ᠪᠠᠶ᠋ᠢᠲᠠᠯ᠎ᠠ ᠪᠠᠨ ᠬᠠᠷᠢᠵᠤ ᠴᠢᠳᠠᠬᠤ ᠦᠭᠡᠢ ᠂
ᠨᠡᠷ᠎ᠡ
ᠪᠡᠨ ᠨᠢᠭᠤᠵᠤ ᠮᠥᠷ ᠢᠶ᠋ᠡᠨ ᠪᠠᠯᠠᠯᠤᠭᠰᠠᠨ ᠂
ᠨᠤᠲᠤᠭ
ᠤᠰᠤᠨ ᠤ ᠲᠠᠨᠢᠯ ᠬᠥᠮᠦᠰ ᠮᠢᠨᠢ ᠂
ᠤᠤᠭᠤᠬᠤ
ᠪᠣᠯᠭᠠᠨ ᠰᠣᠭᠲᠣᠵᠤ ᠪᠠᠶ᠋ᠢᠨ᠎ᠠ ᠤᠤ ?
ᠰᠣᠭᠲᠣᠬᠤ
ᠪᠣᠯᠭᠠᠨ ᠳᠠᠭᠤᠯᠠᠵᠤ ᠪᠠᠶ᠋ᠢᠨ᠎ᠠ ᠤᠤ ?
ᠳᠠᠭᠤᠯᠠᠬᠤ
ᠪᠣᠯᠭᠠᠨ ᠤᠬᠢᠯᠠᠵᠤ ᠪᠠᠶ᠋ᠢᠨ᠎ᠠ ᠤᠤ ?
ᠳᠣᠭᠳᠣᠯᠵᠤ
ᠮᠡᠯᠮᠡᠷᠡᠩᠬᠡᠨ ᠰᠠᠭᠤᠵᠤ ᠪᠠᠶ᠋ᠢᠨ᠎ᠠ ᠤᠤ ?
ᠤᠤᠭᠤᠭᠰᠠᠨ
ᠠᠷᠢᠬᠢ ᠶ᠋ᠢ ᠴᠢᠨᠢ ᠠᠮᠰᠠᠭ᠎ᠠ ᠦᠭᠡᠢ ᠪᠣᠯᠪᠠᠴᠤ
ᠭᠠᠰᠢᠭᠤᠨ
ᠪᠠᠶ᠋ᠢᠳᠠᠭ ᠢ ᠪᠢ ᠮᠡᠳᠡᠨ᠎ᠡ ᠂
ᠤᠬᠢᠯᠠᠭᠰᠠᠨ
ᠳᠠᠭᠤ ᠶ᠋ᠢ ᠴᠢᠨᠢ ᠰᠣᠨᠣᠰᠤᠭ᠎ᠠ ᠦᠭᠡᠢ ᠪᠣᠯᠪᠠᠴᠤ
ᠭᠤᠨᠢᠬ
ᠲᠠᠢ ᠪᠠᠶ᠋ᠢᠳᠠᠭ ᠢ ᠪᠢ ᠮᠡᠳᠡᠨ᠎ᠡ ᠂
ᠥᠩᠭᠡᠷᠡᠭᠰᠡᠨ
ᠳᠦ ᠨᠤᠲᠤᠭ ᠮᠢᠨᠢ ᠰᠠᠶ᠋ᠢᠬᠠᠨ ᠪᠠᠶ᠋ᠢᠬᠰᠠᠨ ᠂
ᠥᠷᠢ
ᠥᠭᠴᠡᠭᠡ ᠦᠭᠡᠢ ᠲᠠᠶ᠋ᠢᠪᠤᠩ ᠪᠠᠶ᠋ᠢᠬᠰᠠᠨ ᠂
ᠮᠠᠰᠢᠨ
ᠲᠠᠢ ᠡᠷᠦᠬᠡ ᠪᠠᠶ᠋ᠢᠭ᠎ᠠ ᠦᠭᠡᠢ ᠴᠦ᠍
ᠮᠣᠷᠢᠲᠠᠢ
ᠠᠶ᠋ᠢᠯ ᠤᠳ ᠪᠠᠶ᠋ᠢᠬᠰᠠᠨ ᠶᠤᠮ ᠂
ᠠᠰᠠᠷᠲᠠᠢ
ᠡᠷᠦᠬᠡ ᠪᠠᠶ᠋ᠢᠭ᠎ᠠ ᠦᠭᠡᠢ ᠴᠦ᠍
ᠠᠳᠤᠭᠤ
ᠲᠠᠢ ᠠᠶ᠋ᠢᠯ ᠤᠳ ᠪᠠᠶ᠋ᠢᠬᠰᠠᠨ ᠶᠤᠮ ᠂
ᠢᠲᠡᠭᠡᠮᠵᠢ
ᠶ᠋ᠢᠨ ᠵᠢᠭᠡᠯᠡᠯᠭᠡ ᠪᠠᠶ᠋ᠢᠭ᠎ᠠ ᠦᠭᠡᠢ ᠴᠦ᠍
ᠡᠭᠦᠳᠡ
ᠪᠡᠨ ᠬᠠᠭᠠᠭᠰᠠᠨ ᠡᠷᠦᠬᠡ ᠪᠠᠶ᠋ᠢᠬᠰᠠᠨ ᠦᠭᠡᠢ ᠂
ᠪᠠᠩᠬᠢ
ᠶ᠋ᠢᠨ ᠮᠥᠩᠭᠥ ᠣᠯᠤᠭ᠎ᠠ ᠦᠭᠡᠢ ᠴᠦ᠍
ᠭᠣᠯᠣᠮᠲᠠ
ᠪᠠᠨ ᠬᠠᠷᠠᠯᠠᠭᠤᠯᠤᠭᠰᠠᠨ ᠠᠶ᠋ᠢᠯ ᠪᠠᠶ᠋ᠢᠬᠰᠠᠨ ᠦᠭᠡᠢ ᠂
ᠬᠥᠨᠵᠢᠯᠡ
ᠶ᠋ᠢᠨ ᠢᠶ᠋ᠡᠨ ᠬᠢᠷᠢ ᠪᠡᠷ ᠢᠰᠬᠦᠯᠵᠦ ᠂
ᠠᠳᠤᠭᠤᠨ
ᠤ ᠪᠠᠨ ᠬᠢᠷᠢ ᠪᠡᠷ ᠢᠰᠬᠡᠷᠴᠦ ᠂
ᠬᠥᠷᠥᠩᠭᠡ
ᠨᠢᠮᠭᠡᠨ ᠴᠦ᠍ ᠰᠡᠳᠬᠢᠯ ᠪᠠᠶᠠᠨ ᠂
ᠬᠥᠮᠦᠨ
ᠢ ᠴᠢᠷᠠᠶ᠋ᠢᠳᠠᠵᠤ ᠠᠯᠠᠭ᠎ᠠ ᠲᠣᠰᠤᠯ ᠦᠭᠡᠢ ᠂
ᠠᠵᠢᠯ
ᠠᠮᠢᠳᠤᠷᠠᠯ ᠢᠶ᠋ᠠᠨ ᠬᠢᠵᠦ ᠂
ᠨᠡᠭᠦᠳᠡᠯ
ᠰᠣᠶᠣᠯ ᠢᠶ᠋ᠠᠨ ᠬᠥᠭᠵᠢᠭᠦᠯᠵᠦ ᠢᠷᠡᠭᠰᠡᠨ
ᠮᠣᠩᠭᠣᠯ
ᠨᠤᠲᠤᠭ ᠤᠨ ᠰᠣᠳᠣᠨ ᠮᠠᠯᠴᠢᠳ
ᠣᠳᠣ ᠬᠠᠮᠢᠭ᠎ᠠ ᠨᠢ ᠣᠷᠣᠪᠠ ?!
