ᠨᠠᠷᠠᠨ ᠤ᠋ ᠪᠣᠷᠣ ᠮᠠᠯᠴᠢᠨ- ᠬᠥᠬᠥᠭᠡ ᠶ᠋ᠢᠨ ᠬᠥᠭᠵᠢᠯᠪᠠᠭᠠᠲᠤᠷНарны бор малчин-Хөхөөгийн Хөгжлбаатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠷᠠᠨ ᠤ᠋ ᠪᠣᠷᠣ ᠮᠠᠯᠴᠢᠨ- ᠬᠥᠬᠥᠭᠡ ᠶ᠋ᠢᠨ ᠬᠥᠭᠵᠢᠯᠪᠠᠭᠠᠲᠤᠷНарны бор малчин-Хөхөөгийн Хөгжлбаатар

ᠨᠠᠷᠠᠨ ᠤ᠋ ᠪᠣᠷᠣ ᠮᠠᠯᠴᠢᠨ- ᠬᠥᠬᠥᠭᠡ ᠶ᠋ᠢᠨ ᠬᠥᠭᠵᠢᠯᠪᠠᠭᠠᠲᠤᠷНарны бор малчин-Хөхөөгийн Хөгжлбаатар

ᠠᠩᠭᠢᠯᠠᠯ:ᠳᠠᠭᠤᠤ ᠬᠥᠭᠵᠢᠮ
2023-12-10

371

ᠨᠠᠷᠠᠨ ᠤ᠋ ᠪᠣᠷᠣ ᠮᠠᠯᠴᠢᠨ


      ᠦᠭᠡ᠄ ᠨᠠᠰᠤᠨ   
      ᠠᠶ᠎ᠠ᠄ ᠳ᠋ᠤ᠌· ᠬᠤᠷᠴᠠᠪᠠᠭᠠᠲᠤᠷ   
      ᠳᠠᠭᠤᠴᠢᠨ᠄ ᠬᠥᠬᠥᠭᠡ ᠶ᠋ᠢᠨ ᠬᠥᠭᠵᠢᠯᠪᠠᠭᠠᠲᠤᠷ   

ᠨᠠᠮᠢᠰ ᠨᠠᠮᠢᠰ ᠬᠡᠭᠡᠷ᠎ᠡ ᠶ᠋ᠢᠨ ᠰᠠᠯᠬᠢ ᠶ᠋ᠢ ᠰᠥᠷᠦᠭᠡᠷᠡᠢ
ᠮᠢᠷᠠᠰ ᠮᠢᠷᠠᠰ ᠴᠡᠴᠡᠭ ᠦ᠋ᠨ ᠳᠠᠯᠪᠠᠭ᠎ᠠ ᠶ᠋ᠢ ᠥᠭᠰᠥᠭᠡᠷᠡᠢ
ᠴᠠᠢᠯᠠᠰ ᠴᠠᠢᠯᠠᠰ ᠭᠡᠷ ᠦ᠋ᠨ ᠪᠠᠷ᠎ᠠ ᠶ᠋ᠢ ᠬᠠᠷᠠᠭᠠᠷᠠᠢ
ᠴᠠᠢᠯᠭᠠᠨ ᠮᠣᠩᠭᠣᠯ ᠠᠮᠢᠳᠤᠷᠠᠯ ᠲᠡᠨᠳᠡ ᠯᠠ ᠪᠠᠢᠨ᠎ᠠ ᠰᠢᠦ ᠳᠡ
ᠴᠠᠢᠯᠠᠰ ᠴᠠᠢᠯᠠᠰ ᠭᠡᠷ ᠦ᠋ᠨ ᠪᠠᠷ᠎ᠠ ᠶ᠋ᠢ ᠬᠠᠷᠠᠭᠠᠷᠠᠢ
ᠴᠠᠢᠯᠭᠠᠨ ᠮᠣᠩᠭᠣᠯ ᠠᠮᠢᠳᠤᠷᠠᠯ ᠲᠡᠨᠳᠡ ᠯᠠ ᠪᠠᠢᠨ᠎ᠠ ᠰᠢᠦ ᠳᠡ᠃

ᠬᠠᠯᠭᠢᠰ ᠬᠠᠯᠭᠢᠰ ᠭᠣᠣᠯ ᠤ᠋ᠨ ᠣᠯᠣᠮ ᠢ᠋ ᠭᠡᠲᠦᠯᠦᠭᠡᠷᠡᠢ
ᠬᠠᠩᠬᠠᠰ ᠲᠦᠩᠭᠦᠰ ᠠᠭᠤᠯᠠ ᠶ᠋ᠢᠨ ᠣᠷᠣᠢ ᠶ᠋ᠢ ᠣᠷᠣᠢᠯᠠᠳᠠᠭᠠᠷᠠᠢ
ᠳᠣᠯᠭᠢᠰ ᠳᠣᠯᠭᠢᠰ ᠲᠠᠯ᠎ᠠ ᠶ᠋ᠢᠨ ᠦᠵᠦᠭᠦᠷ ᠢ᠋ ᠰᠢᠷᠳᠡᠭᠡᠷᠡᠢ
ᠳᠠᠭᠤᠨ ᠤ᠋ ᠮᠣᠩᠭᠣᠯ ᠡᠭᠡᠰᠢᠭ ᠲᠡᠨᠳᠡ ᠯᠠ ᠪᠠᠢᠨ᠎ᠠ ᠰᠢᠦ ᠳᠡ
ᠳᠣᠯᠭᠢᠰ ᠳᠣᠯᠭᠢᠰ ᠲᠠᠯ᠎ᠠ ᠶ᠋ᠢᠨ ᠦᠵᠦᠭᠦᠷ ᠢ᠋ ᠰᠢᠷᠲᠡᠭᠡᠷᠡᠢ
ᠳᠠᠭᠤᠨ ᠤ᠋ ᠮᠣᠩᠭᠣᠯ ᠡᠭᠡᠰᠢᠭ ᠲᠡᠨᠳᠡ ᠯᠠ ᠪᠠᠢᠨ᠎ᠠ ᠰᠢᠦ ᠳᠡ᠃

ᠮᠠᠨᠠᠷᠠᠰ ᠮᠠᠨᠠᠷᠠᠰ ᠰᠢᠯᠢ ᠶ᠋ᠢᠨ ᠥᠨᠳᠥᠷ ᠢ᠋ ᠪᠠᠷᠠᠭᠠᠳᠠᠭᠠᠷᠠᠢ
ᠮᠠᠢᠯᠠᠰ ᠮᠠᠢᠯᠠᠰ ᠰᠦᠷᠦᠭ ᠦ᠋ᠨ ᠵᠠᠬ᠎ᠠ ᠳ᠋ᠤ᠌ ᠪᠠᠭᠤᠭᠠᠷᠠᠢ
ᠨᠠᠬᠢᠰ ᠨᠠᠬᠢᠰ ᠤᠷᠭ᠎ᠠ ᠶ᠋ᠢ ᠨᠢ ᠲᠤᠯᠵᠤ ᠯᠠ ᠮᠣᠷᠳᠠᠭᠠᠷᠠᠢ
ᠨᠠᠷᠠᠨ ᠤ᠋ ᠪᠣᠷᠣ ᠮᠠᠯᠴᠢᠨ ᠲᠡᠨᠳᠡ ᠯᠠ ᠪᠠᠢᠨ᠎ᠠ ᠰᠢᠦ ᠳᠡ
ᠨᠠᠬᠢᠰ ᠨᠠᠬᠢᠰ ᠤᠷᠭ᠎ᠠ ᠶ᠋ᠢ ᠨᠢ ᠲᠤᠯᠵᠤ ᠯᠠ ᠮᠣᠷᠳᠠᠭᠠᠷᠠᠢ
ᠨᠠᠷᠠᠨ ᠤ᠋ ᠪᠣᠷᠣ ᠮᠠᠯᠴᠢᠨ ᠲᠡᠨᠳᠡ ᠯᠠ ᠪᠠᠢᠨ᠎ᠠ ᠰᠢᠦ ᠳᠡ᠃

ᠦᠶᠡᠯᠡᠰ ᠦᠶᠡᠯᠡᠰ ᠬᠣᠯᠠ ᠶ᠋ᠢᠨ ᠵᠡᠷᠭᠡᠯᠭᠡᠨ ᠳ᠋ᠦ᠍ ᠤᠮᠪᠠᠭᠠᠷᠠᠢ
ᠰᠣᠨᠣᠰ ᠰᠣᠨᠣᠰ ᠭᠣᠪᠢ ᠶ᠋ᠢᠨ ᠤᠷᠲᠤ ᠶ᠋ᠢ ᠲᠤᠭᠤᠯᠠᠭᠠᠷᠠᠢ
ᠲᠠᠪᠠᠷᠠᠰ ᠲᠠᠪᠠᠷᠠᠰ ᠲᠡᠮᠡᠭᠡᠳ ᠢ᠋ ᠨᠢ ᠤᠨᠤᠵᠤ ᠯᠠ ᠶᠠᠪᠤᠭᠠᠷᠠᠢ
ᠲᠠᠢᠪᠤᠩ ᠮᠣᠩᠭᠣᠯ ᠵᠠᠩ ᠲᠡᠨᠳᠡ ᠯᠠ ᠪᠠᠢᠨ᠎ᠠ ᠰᠢᠦ ᠳᠡ
ᠲᠠᠪᠡᠷᠡᠰ ᠲᠠᠪᠠᠷᠠᠰ ᠲᠡᠮᠡᠭᠡᠳ ᠢ᠋ ᠨᠢ ᠤᠨᠤᠵᠤ ᠯᠠ ᠶᠠᠪᠤᠭᠠᠷᠠᠢ
ᠲᠠᠢᠪᠤᠩ ᠮᠣᠩᠭᠣᠯ ᠵᠠᠩ ᠲᠡᠨᠳᠡ ᠯᠠ ᠪᠠᠢᠨ᠎ᠠ ᠰᠢᠦ ᠳᠡ
ᠨᠠᠷᠠᠨ ᠤ᠋ ᠪᠣᠷᠣ ᠮᠠᠯᠴᠢᠨ ᠲᠡᠨᠳᠡ ᠯᠠ ᠪᠠᠢᠨ᠎ᠠ ᠰᠢᠦ ᠳᠡ᠃

     ᠦᠰᠦᠭ ᠬᠠᠳᠠᠭᠴᠢ᠄  ᠳ· ᠣᠶᠤᠨᠴᠡᠴᠡᠭ
     ᠦᠰᠦᠭ ᠠᠮᠢᠯᠠᠭᠤᠯᠤᠭᠴᠢ᠄ ᠤᠤᠭᠠᠨᠵᠢᠳ
     ᠬᠢᠨᠠᠭᠴᠢ᠄ ᠮᠡᠷᠭᠡᠨᠪᠢᠯᠢᠭ