ᠠᠷᠤ ᠳᠡᠯᠡᠬᠡᠢ-ᠬᠣᠷᠴᠢᠨ ᠠᠷᠠᠳ  ᠤᠨ ᠳᠠᠭᠤᠤАр дэлхий-хорчин ардын дуу ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠤ ᠳᠡᠯᠡᠬᠡᠢ-ᠬᠣᠷᠴᠢᠨ ᠠᠷᠠᠳ  ᠤᠨ ᠳᠠᠭᠤᠤАр дэлхий-хорчин ардын дуу

ᠠᠷᠤ ᠳᠡᠯᠡᠬᠡᠢ-ᠬᠣᠷᠴᠢᠨ ᠠᠷᠠᠳ  ᠤᠨ ᠳᠠᠭᠤᠤАр дэлхий-хорчин ардын дуу

2022-12-09

616

ᠠᠷᠤ ᠳᠡᠯᠡᠬᠡᠢ

      ᠬᠣᠷᠴᠢᠨ ᠠᠷᠠᠳ ᠤ᠋ᠨ ᠳᠠᠭᠤᠤ
     ᠳᠠᠭᠤᠯᠠᠭᠰᠠᠨ ᠨᠢ ᠄ ᠰᠠᠷᠠᠭᠤᠯ
ᠠᠷᠤ ᠳᠡᠯᠡᠬᠡᠢ ᠭᠡᠳᠡᠭ ᠨᠢ ᠬᠥ
ᠠᠷᠲᠠᠢ ᠲᠣᠷᠭᠠᠨ ᠡᠴᠡ ᠥᠭᠡᠷ᠎ᠡ ᠦᠦ  ᠳᠠ ᠬᠥ
ᠠᠪᠤ ᠡᠵᠢ ᠬᠣᠶᠠᠷ ᠮᠢᠨᠢ ᠠᠢ ᠬᠥ
ᠠᠮᠢᠳᠤ ᠪᠤᠷᠬᠠᠨ ᠥᠭᠡᠷ᠎ᠡ ᠦᠦ  ᠳᠠ ᠬᠥ

ᠡᠩ ᠳᠡᠯᠡᠬᠡᠢ ᠭᠡᠳᠡᠭ ᠨᠢ ᠬᠥ
ᠡᠩ ᠲᠡᠢ ᠲᠣᠷᠭᠠᠨ ᠎ᠡᠴᠡ ᠥᠭᠡᠷ᠎ᠡ ᠦᠦ  ᠳᠠ ᠬᠥ
ᠡᠵᠢ ᠠᠪᠤ ᠬᠣᠶᠠᠷ ᠮᠢᠨᠢ ᠠᠢ ᠬᠥ
ᠡᠷᠳᠡᠨᠢ ᠶ᠋ᠢᠨ ᠪᠤᠷᠬᠠᠨ ᠎ᠡᠴᠡ ᠥᠭᠡᠷ᠎ᠡ ᠦᠦ  ᠳᠠ ᠬᠥ

ᠪᠤᠯᠠᠭ ᠤ᠋ᠨ ᠤᠰᠤᠨ ᠤ᠋ ᠲᠤᠩᠭᠠᠯᠠᠭ ᠨᠢ ᠬᠥ
ᠪᠤᠭᠤ ᠰᠤᠭᠤ ᠶ᠋ᠢᠨ ᠤᠮᠳᠠ ᠰᠢᠦ  ᠳᠠ ᠬᠥ
ᠪᠤᠭᠤᠷᠤᠯ ᠨᠠᠰᠤᠲᠠᠨ ᠤ᠋ ᠮᠢᠨᠢ ᠰᠤᠷᠭᠠᠯ ᠨᠢ ᠠᠢ ᠬᠥ
ᠪᠠᠭ᠎ᠠ ᠪᠢᠳᠡᠨ ᠳ᠋ᠦ᠍ ᠪᠡᠨ ᠡᠷᠳᠡᠨᠢ ᠰᠢᠦ  ᠳᠠ ᠬᠥ

ᠨᠠᠭᠤᠷ ᠤ᠋ᠨ ᠤᠰᠤᠨ ᠤ᠋ ᠲᠤᠩᠭᠠᠯᠠᠭ ᠨᠢ ᠬᠥ
ᠨᠤᠭᠤᠰᠤ ᠭᠠᠯᠠᠭᠤᠨ ᠤ᠋ ᠤᠮᠳᠠ ᠰᠢᠦ  ᠳᠠ ᠬᠥ
ᠨᠠᠰᠤᠲᠠᠨ ᠪᠤᠭᠤᠷᠤᠯ ᠤ᠋ᠨ ᠮᠢᠨᠢ ᠰᠤᠷᠭᠠᠯ ᠨᠢ ᠠᠢ ᠬᠥ
ᠨᠢᠯᠬ᠎ᠠ ᠪᠢᠳᠡᠨ ᠳ᠋ᠦ᠍ ᠪᠡᠨ ᠡᠷᠳᠡᠨᠢ ᠰᠢᠦ  ᠳᠠ ᠬᠥ

ᠠᠭᠠᠷ ᠤ᠋ᠨ ᠨᠠᠷᠠᠨ ᠤ᠋ ᠭᠡᠭᠡ ᠲᠡᠢ ᠳ᠋ᠦ᠍ ᠨᠢ ᠬᠥ
ᠠᠳᠤᠭᠤᠨ ᠰᠦᠷᠦᠭ ᠢ᠋ᠶ᠋ᠡᠨ ᠡᠷᠭᠢᠭᠦᠯᠦᠶ᠎ᠡ ᠬᠥ
ᠠᠪᠤ ᠡᠵᠢ ᠶ᠋ᠢᠨ ᠢ᠋ᠶ᠋ᠡᠨ ᠠᠮᠤᠭᠤᠯᠠᠩ ᠳ᠋ᠤ᠌ ᠨᠢ ᠠᠢ ᠬᠥ
ᠠᠮᠠᠨ ᠢᠷᠦᠭᠡᠯ ᠢ᠋ ᠨᠢ ᠰᠣᠨᠣᠰᠤᠶ᠎ᠠ ᠬᠥ

ᠡᠳᠦᠷ ᠦ᠋ᠨ ᠨᠠᠷᠠᠨ ᠤ᠋ ᠭᠡᠭᠡ ᠲᠡᠢ ᠳ᠋ᠦ᠍ ᠨᠢ ᠬᠥ
ᠦᠬᠡᠷ ᠦ᠋ᠨ ᠰᠦᠷᠦᠭ ᠢ᠋ᠶ᠋ᠡᠨ ᠡᠷᠭᠢᠭᠦᠯᠦᠶ᠎ᠡ  ᠳᠠ ᠬᠥ

ᠡᠵᠢ ᠠᠪᠤ ᠶ᠋ᠢᠨ ᠢ᠋ᠶ᠋ᠡᠨ ᠠᠮᠤᠭᠤᠯᠠᠩ ᠳ᠋ᠤ᠌ ᠨᠢ ᠠᠢ ᠬᠥ
ᠡᠷᠳᠡᠨᠢ ᠶ᠋ᠢᠨ ᠰᠤᠷᠭᠠᠯ ᠢ᠋ ᠨᠢ ᠰᠣᠨᠣᠰᠤᠶ᠎ᠠ  ᠳᠠ ᠬᠥ
ᠡᠵᠢ ᠠᠪᠤ ᠶ᠋ᠢᠨ ᠢ᠋ᠶ᠋ᠡᠨ ᠠᠮᠤᠭᠤᠯᠠᠩ ᠳ᠋ᠤ᠌ ᠨᠢ ᠠᠢ ᠬᠥ
ᠡᠷᠳᠡᠨᠢ ᠶ᠋ᠢᠨ ᠰᠤᠷᠭᠠᠯ ᠢ᠋ ᠨᠢ ᠰᠣᠨᠣᠰᠤᠶ᠎ᠠ  ᠳᠠ ᠬᠥ

   ᠦᠰᠦᠭ ᠠᠮᠢᠯᠠᠭᠤᠯᠤᠭᠰᠠᠨ ᠨᠢ ᠄ ᠮᠥᠩᠭᠦᠨᠴᠡᠴᠡᠭ