ᠠᠮᠢᠨ ᠨᠤᠲᠤᠭ - ᠦᠭᠡ ᠄ ᠳ ᠂ ᠫᠦᠷᠪᠦᠳᠣᠷᠵᠢ ᠠᠶ᠎ᠠ ᠄ ᠯ᠂ ᠪᠠᡀᠠᠵᠠᠪ ᠺᠠᠮᠸᠷᠲ᠋ᠣᠨ ᠬᠠᠮᠲᠤᠯᠢᠬ ᠳᠠᠭᠤᠯᠠᠪᠠ Амин нутаг -Үг Д.Пүрэвдорж Ая Л.Балхжав "Камертон" хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠢᠨ ᠨᠤᠲᠤᠭ - ᠦᠭᠡ ᠄ ᠳ ᠂ ᠫᠦᠷᠪᠦᠳᠣᠷᠵᠢ ᠠᠶ᠎ᠠ ᠄ ᠯ᠂ ᠪᠠᡀᠠᠵᠠᠪ ᠺᠠᠮᠸᠷᠲ᠋ᠣᠨ ᠬᠠᠮᠲᠤᠯᠢᠬ ᠳᠠᠭᠤᠯᠠᠪᠠ Амин нутаг -Үг Д.Пүрэвдорж Ая Л.Балхжав "Камертон" хамтлаг

ᠠᠮᠢᠨ ᠨᠤᠲᠤᠭ - ᠦᠭᠡ ᠄ ᠳ ᠂ ᠫᠦᠷᠪᠦᠳᠣᠷᠵᠢ ᠠᠶ᠎ᠠ ᠄ ᠯ᠂ ᠪᠠᡀᠠᠵᠠᠪ ᠺᠠᠮᠸᠷᠲ᠋ᠣᠨ ᠬᠠᠮᠲᠤᠯᠢᠬ ᠳᠠᠭᠤᠯᠠᠪᠠ Амин нутаг -Үг Д.Пүрэвдорж Ая Л.Балхжав "Камертон" хамтлаг

ᠠᠩᠭᠢᠯᠠᠯ:ᠳᠠᠭᠤᠤ ᠬᠥᠭᠵᠢᠮ
2022-12-10

438

ᠠᠮᠢᠨ ᠨᠤᠲᠤᠭ

          ᠦᠭᠡ ᠄ ᠳ ᠂ ᠫᠦᠷᠪᠦᠳᠣᠷᠵᠢ
      ᠠᠶ᠎ᠠ ᠄  ᠯ ᠂  ᠪᠠᡀᠠᠵᠠᠪ
      ᠺᠠᠮᠸᠷᠲ᠋ᠣᠨ ᠬᠠᠮᠲᠤᠯᠢᠬ ᠳᠠᠭᠤᠯᠠᠪᠠ

 ᠠᠷᠭᠤᠮᠠᠭ ᠬᠦᠯᠦᠭ ᠭᠠᠳᠠᠭ᠎ᠠ ᠢᠷᠡᠬᠦ ᠰᠢᠭ᠌
 ᠠᠮᠠᠭᠠᠢ ᠎ᠪᠠᠨ ᠵᠠᠵᠢᠯᠤᠨ ᠦᠦᠷᠰᠡᠬᠦ ᠨᠢ ᠰᠣᠨᠣᠰᠤᠭᠳᠠᠨ᠎ᠠ
 ᠠᠭᠯᠠᠭ ᠬᠠᠩᠭᠠᠢ᠎ ‍ᠶ᠋ᠢᠨ ᠭᠡᠷ ᠎ᠲᠡᠭᠡᠨ ᠣᠷᠣᠬᠤ ᠰᠢᠬ
 ᠠᠬᠢ ᠭᠠᠩᠭ᠎ᠠ ‍ᠶ᠋ᠢᠨ ᠦᠨᠦᠷ ᠠᠩᠬᠢᠯᠤᠨ᠎ᠠ
     ᠠᠮᠢᠨ ᠬᠠᠶ᠋ᠢᠷᠠᠲᠠᠢ ᠨᠤᠲᠤᠭ ᠮᠢᠨᠢ
     ᠠᠵᠠ ‍ᠶ᠋ᠢᠨ ᠴᠡᠩᠬᠡᠷ ᠠᠰᠠᠷ ᠮᠢᠨᠢ
     ᠠᠯᠲᠠᠢ ᠬᠠᠩᠭᠠᠢ ᠭᠣᠪᠢ ᠎ᠲᠠᠢ ᠎ᠪᠠᠨ
     ᠠᠯᠠᠭᠬᠠᠨ ᠵᠢᠷᠦᠬᠡᠨ ‍ᠳᠦ ᠮᠢᠨᠢ  ᠪᠠᠭᠲᠠᠨᠠᠮ ᠵᠡ
 ᠰᠠᠶ᠋ᠢᠬᠠᠨ ᠪᠦᠰᠡᠬᠦᠢ ᠬᠠᠵᠠᠭᠤ ‍ᠳᠤ ᠮᠢᠨᠢ ᠪᠠᠶ᠋ᠢᠬᠤ ᠰᠢᠬ
 ᠰᠠᠷ᠎ᠠ ‍ᠶ᠋ᠢᠨ ᠭᠠᠵᠠᠷ ᠠ᠋ᠴᠠ ᠨᠢᠳᠦᠨ ‍ᠳᠦ ᠲᠣᠷᠮᠣᠶ᠋ᠢᠵᠤ
 ᠰᠠᠷᠠᠭᠤᠯ ᠲᠠᠯ᠎ᠠ ᠮᠢᠨᠢ ᠬᠠᠶᠠᠭᠠᠨ ‍ᠳᠤ ᠪᠠᠭᠤᠬᠤ ᠰᠢᠬ
 ᠰᠠᠯᠬᠢᠨ ᠰᠡᠪᠰᠢᠶ᠎ᠡ ᠨᠢᠭᠤᠷ ‍ᠢ ᠮᠢᠨᠢ ᠢᠯᠪᠢᠨ᠎ᠡ
     ᠠᠮᠢᠨ ᠬᠠᠶ᠋ᠢᠷᠠᠲᠠᠢ ᠨᠤᠲᠤᠭ ᠮᠢᠨᠢ
     ᠠᠵᠠ ‍ᠶ᠋ᠢᠨ ᠴᠡᠩᠬᠡᠷ ᠠᠰᠠᠷ ᠮᠢᠨᠢ
     ᠠᠯᠲᠠᠢ ᠬᠠᠩᠭᠠᠢ ᠭᠣᠪᠢ ᠎ᠲᠠᠢ ᠎ᠪᠠᠨ
     ᠠᠯᠠᠭᠬᠠᠨ ᠵᠢᠷᠦᠬᠡᠨ ‍ᠳᠦ ᠮᠢᠨᠢ  ᠪᠠᠭᠲᠠᠨᠠᠮ ᠵᠡ
 ᠤᠷᠠᠨ ᠬᠤᠭᠤᠷ ‍ᠤᠨ ᠤᠳᠠᠰᠤ ‍ᠶ᠋ᠢ ᠤᠶᠠᠩᠭᠠᠯᠠᠭᠤᠯᠵᠤ
 ᠤᠷᠲᠤ ‍ᠶ᠋ᠢᠨ ᠲᠠᠭᠤᠨ ‍ᠤ ᠡᠭᠡᠰᠢᠭ ᠴᠤᠤᠷᠢᠶᠠᠲᠤᠵᠤ
 ᠠᠭᠤᠯᠠ ‍ᠶ᠋ᠢᠨ ᠭᠣᠣᠯ ‍ᠢᠶ᠋ᠠᠷ ᠤᠷᠤᠰᠤᠭᠠᠳ ᠵᠥᠷᠢᠬᠦ  ᠰᠢᠭ᠌
 ᠤᠰᠤᠨ ᠲᠠᠷᠭᠢᠯ ‍ᠤᠨ ᠴᠢᠯᠠᠭᠤ ᠱᠠᠭᠢᠨ᠎ᠠ
     ᠠᠮᠢᠨ ᠬᠠᠶ᠋ᠢᠷᠠᠲᠠᠢ ᠨᠤᠲᠤᠭ ᠮᠢᠨᠢ
     ᠠᠵᠠ ‍ᠶ᠋ᠢᠨ ᠴᠡᠩᠬᠡᠷ ᠠᠰᠠᠷ ᠮᠢᠨᠢ
     ᠠᠯᠲᠠᠢ ᠬᠠᠩᠭᠠᠢ ᠭᠣᠪᠢ ᠎ᠲᠠᠢ ᠎ᠪᠠᠨ
     ᠠᠯᠠᠭᠬᠠᠨ ᠵᠢᠷᠦᠬᠡᠨ ‍ᠳᠦ ᠮᠢᠨᠢ  ᠪᠠᠭᠲᠠᠨᠠᠮ ᠵᠡ
     ᠠᠯᠠᠭᠬᠠᠨ ᠵᠢᠷᠦᠬᠡᠨ ‍ᠳᠦ ᠮᠢᠨᠢ  ᠪᠠᠭᠲᠠᠨᠠᠮ ᠵᠡ

Амин нутаг


         Үг: Д.Пүрэвдорж
      Ая: Л.Балхжав
      "Камертон" хамтлаг


Аргамаг хүлэг гадаа ирэх шиг
Амгайгаа зажлан үүрсэх нь сонсогдоно
Аглаг хангайн гэртээ орох шиг
Агь гангын үнэр анхилна

Амин хайртай нутаг минь
Азийн цэнхэр асар минь
Алтай хангай говьтойгоо
Алагхан зүрхэнд минь багтнам зээ

Сайхан бүсгүй хажууд минь байх шиг
Сарын газраас нүдэнд тормойж
Саруул тал минь хаяанд буух шиг
Салхин сэвшээ нүүрийг минь илбэнэ

Амин хайртай нутаг минь
Азийн цэнхэр асар минь
Алтай хангай говьтойгоо
Алагхан зүрхэнд минь багтнам зээ

Уран хуурын утсыг уянгалуулж
Уртын дууны эгшиг цуурайтаж
Уулын голоор урсаад зөрөх шиг
Усан таргилын чулуу шаагина

Амин хайртай нутаг минь
Азийн цэнхэр асар минь
Алтай хангай говьтойгоо
Алагхан зүрхэнд минь багтнам зээ

Амин хайртай нутаг минь
Азийн цэнхэр асар минь
Алтай хангай говьтойгоо
Алагхан зүрхэнд минь багтнам зээ

Алагхан зүрхэнд минь багтнам зээ