ᠲᠡᠰᠢᠭᠡᠳ ᠪᠠᠢ ᠳᠡᠭᠦᠦ ᠨᠠᠷ ᠮᠢᠨᠢ - ᠮ · ᠠᠰᠠᠷ Тэшээд бай дүү нар минь- М · Асар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠰᠢᠭᠡᠳ ᠪᠠᠢ ᠳᠡᠭᠦᠦ ᠨᠠᠷ ᠮᠢᠨᠢ - ᠮ · ᠠᠰᠠᠷ Тэшээд бай дүү нар минь- М · Асар

ᠲᠡᠰᠢᠭᠡᠳ ᠪᠠᠢ ᠳᠡᠭᠦᠦ ᠨᠠᠷ ᠮᠢᠨᠢ - ᠮ · ᠠᠰᠠᠷ Тэшээд бай дүү нар минь- М · Асар

2022-12-09

340

ᠲᠡᠰᠢᠭᠡᠳ ᠪᠠᠢ ᠳᠡᠭᠦᠦ ᠨᠠᠷ ᠮᠢᠨᠢ


            ᠮ · ᠠᠰᠠᠷ

 ᠲᠡᠭᠰᠢᠬᠡᠨ ᠭᠥᠯᠢᠭᠡᠷ ᠮᠥᠰᠥ ᠪᠠᠶ᠋ᠢᠨ᠎ᠠ
 ᠲᠡᠰᠢᠭᠡᠳ ᠪᠠᠢ ᠳᠡᠭᠦᠦ ᠨᠠᠷ ᠮᠢᠨᠢ
 ᠲᠡᠰᠢᠭᠦᠷᠴᠢᠨ ᠪᠣᠯᠬᠤ ᠬᠦᠰᠡᠯ ᠴᠢᠨᠢ
 ᠳᠡᠮᠡᠢ ᠤᠳᠠᠬᠤ ᠦᠭᠡᠢ ᠪᠡᠶᠡᠯᠡᠭᠳᠡᠨ᠎ᠡ
 ᠪᠤᠤ ᠠᠶᠤ ᠳᠡᠭᠦᠦ ᠨᠠᠷ ᠮᠢᠨᠢ
 ᠵᠣᠷᠢᠬᠲᠠᠶ᠋ᠢᠬᠠᠨ ᠨᠢᠳᠡᠷᠡ ᠬᠥᠯ ‍ᠢᠶ᠋ᠡᠨ
 ᠪᠤᠤ ᠰᠠᠨᠳᠤᠷ ᠭᠡᠮ ᠦᠭᠡᠢ
 ᠵᠢᠰᠢᠭᠦᠦ ᠲᠡᠶ᠋ᠢᠰᠢ ᠲᠡᠰᠢᠭᠡᠳ ᠪᠠᠢ
 ᠲᠡᠰᠢᠭᠦᠷ ᠴᠢᠨᠢ ᠬᠤᠷᠴᠠ
 ᠵᠣᠷᠢᠬ ᠴᠢᠨᠢ ᠡᠷᠡᠰ
 ᠲᠡᠰᠪᠦᠷᠢ ᠳᠠᠭᠠᠭᠠᠮᠠᠭᠠᠢ ᠲᠡᠰᠢᠭᠡᠳ ᠪᠠᠢ
 ᠵᠣᠷᠢᠬ ᠴᠢᠨᠢ ᠪᠦᠬᠦᠨ ‍ᠢ ᠢᠯᠠᠭᠠᠳ
 ᠵᠣᠷᠢᠯᠭ᠎ᠠ ‍ᠳᠤ ᠎ᠪᠠᠨ ᠵᠠᠪᠠᠯ ᠬᠦᠷᠦᠨ᠎ᠡ
 ᠬᠥᠮᠦᠵᠢᠨ ᠪᠣᠶ᠋ᠢᠵᠢᠬᠴᠢ ᠲᠠ ᠨᠠᠷ ᠎ᠲᠤ᠌
 ᠬᠥᠳᠡᠯᠮᠦᠷᠢ ᠲᠠᠮᠢᠷ ᠴᠢᠬᠤᠯᠠ ᠎ᠲᠠᠢ
 ᠬᠥᠭᠵᠢᠨ ᠴᠡᠴᠡᠭᠯᠡᠭᠴᠢ ᠤᠯᠤᠰ ᠲᠤ᠌ ᠴᠢᠨᠢ
 ᠬᠦᠳᠡᠷᠯᠢᠭ ᠲᠠᠮᠢᠷᠴᠢᠨ ᠴᠢᠬᠤᠯᠠ ᠎ᠲᠠᠢ
 ᠭᠠᠯ ᠎ᠲᠠᠢ ᠴᠣᠭ ᠲᠠᠢ ᠳᠡᠭᠦᠦ ᠨᠠᠷ ᠮᠢᠨᠢ
 ᠭᠠᠪᠰᠢᠭᠠᠶ᠋ᠢᠯᠠᠵᠤ ᠪᠡᠶ᠎ᠡ ᠎ᠪᠡᠨ ᠳᠠᠪᠲᠠᠭᠠᠷᠠᠢ
 ᠭᠠᠶ᠋ᠢᠬᠠᠮᠰᠢᠬᠲᠤ ᠪᠦᠲᠦᠭᠡᠯ ᠣᠯᠵᠠᠭᠠᠭᠠᠳ
 ᠭᠠᠪᠢᠶᠠᠲᠤ ᠲᠠᠮᠢᠷᠴᠢᠨ ᠪᠣᠯᠤᠭᠠᠷᠠᠢ
 ᠲᠡᠭᠰᠢᠬᠡᠨ ᠭᠥᠯᠢᠭᠡᠷ ᠮᠥᠰᠥ ᠪᠠᠶ᠋ᠢᠨ᠎ᠠ
 ᠲᠡᠰᠢᠭᠡᠳ ᠪᠠᠢ ᠳᠡᠭᠦᠦ ᠨᠠᠷ ᠮᠢᠨᠢ
 ᠲᠡᠰᠢᠭᠦᠷᠴᠢᠨ ᠪᠣᠯᠬᠤ ᠬᠦᠰᠡᠯ ᠴᠢᠨᠢ
 ᠳᠡᠮᠡᠢ ᠤᠳᠠᠬᠤ ᠦᠭᠡᠢ ᠪᠡᠶᠡᠯᠡᠭᠳᠡᠨ᠎ᠡ ᠃

Тэшээд бай дүү нар минь

          М · Асар

 Тэгшхэн гөлгөр мөс байна
 Тэшээд бай дүү нар минь
 Тэшүүрчин болох хүсэл чинь
 Дэмий удахгүй биелэгдэнэ
 Буу ай дүү нар минь
 Зоригтойхон нидэр хөлөө
 Буу сандар гэмгүй
 Жишүү тийш тэшээд бай
 Тэшүүр чинь хурц
 Зориг чинь эрс
 Тэсвэр даамгай тэшээд бай
 Зориг чинь бүхнийг ялаад
 Зорилгодоо заавал хүрнэ
 Хүмүүжин бойжигч та нарт
 Хөдөлмөр тамир чухалтай
 Хөгжин цэцэглэгч улсд чинь
 Хүдэрлэг тамирчин чухалтай
 Галтай цугтай дүү нар минь
 Гавшгайлж биеэ давтаарай
 Гайхамшигт бүтээл олзгоогоод
 Гавьяат тамирчин болоорой
 Тэгшхэн гөлгөр мөс байна
 Тэшээд бай дүү нар минь
 Тэшүүрчин болох хүсэл чинь
 Дэмий удахгүй биелэгдэнэ.