ᠠᠮᠤᠷ ᠮᠡᠨᠳᠦ ᠶ᠋ᠢᠨ ᠳᠠᠭᠤᠤ-ᠬᠤᠷᠳᠤ ᠬᠠᠮᠲᠤᠯᠢᠭАмар мэндийн дуу-хурд хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠤᠷ ᠮᠡᠨᠳᠦ ᠶ᠋ᠢᠨ ᠳᠠᠭᠤᠤ-ᠬᠤᠷᠳᠤ ᠬᠠᠮᠲᠤᠯᠢᠭАмар мэндийн дуу-хурд хамтлаг

ᠠᠮᠤᠷ ᠮᠡᠨᠳᠦ ᠶ᠋ᠢᠨ ᠳᠠᠭᠤᠤ-ᠬᠤᠷᠳᠤ ᠬᠠᠮᠲᠤᠯᠢᠭАмар мэндийн дуу-хурд хамтлаг

ᠠᠩᠭᠢᠯᠠᠯ:ᠳᠠᠭᠤᠤ ᠬᠥᠭᠵᠢᠮ
2025-12-04

408

ᠠᠮᠤᠷ ᠮᠡᠨᠳᠦ ᠶ᠋ᠢᠨ ᠳᠠᠭᠤᠤ

  ᠦᠭᠡ ᠄ ᠪ  ᠭᠠᠩᠬᠦ᠋ᠷᠡᠯ 
  ᠠᠶ᠎ᠠ ᠄ ᠳ ᠣᠳᠬᠣᠨᠪᠠᠶᠠᠷ 
  ᠬᠤᠷᠳᠤ ᠬᠠᠮᠲᠤᠯᠢᠭ ᠳᠠᠭᠤᠯᠠᠨ᠎ᠠ 

ᠠᠮᠤᠷ ᠪᠠᠢᠨ᠎ᠠ ᠤᠤ ᠭᠡᠵᠦ ᠠᠪᠤ ᠲᠠᠢ ᠪᠠᠨ ᠪᠢ ᠵᠣᠯᠭᠠᠨ᠎ᠠ 
ᠠᠮᠤᠷ ᠰᠠᠢᠨ ᠤᠤ ᠭᠡᠵᠦ ᠡᠵᠢ ᠮᠢᠨᠢ ᠨᠠᠮ᠎ᠠ ᠵᠢ ᠦᠨᠦᠰᠦᠨ᠎ᠡ 
ᠤᠷᠠᠯᠠᠵᠤ ᠣᠶᠣᠭᠰᠠᠨ ᠳᠡᠪᠡᠯ ᠢ᠋ᠶ᠋ᠡᠷ ᠢ᠋ᠶ᠋ᠡᠨ ᠪᠢ ᠭᠤᠶᠤᠭᠠᠳ 
ᠤᠷᠭᠤᠬᠤ ᠨᠠᠷᠠ ‍ᠶ᠋ᠢ ᠤᠭᠲᠤᠨ ᠲᠤᠰᠬᠤ ᠰᠠᠢᠬᠠᠨ 

ᠬᠡᠢᠮᠣᠷᠢ ᠪᠠᠨ ᠰᠡᠷᠭᠦᠭᠡᠭᠰᠡᠨ ᠬᠠᠢᠷᠬᠠᠨ ᠠᠭᠤᠯᠠ ᠪᠠᠨ ᠰᠢᠲᠦᠭᠡᠳ 
ᠬᠠᠢᠷᠠᠲᠠᠢ ᠨᠤᠲᠤᠭ ᠤ᠋ᠨ ᠬᠢᠨ ᠵᠤᠨ ᠣᠯᠠᠨ ᠢ᠋ᠶ᠋ᠠᠷ ᠢ᠋ᠶ᠋ᠠᠨ ᠬᠤᠷᠤᠢᠯᠠᠨ᠎ᠠ 
ᠮᠠᠯ ᠰᠦᠷᠦᠭ ᠨᠠᠯᠠᠢᠵᠤ ᠰᠢᠨᠳᠠᠰᠤᠲᠤ ᠬᠦᠯᠦᠭ ᠨᠢ ᠬᠤᠷᠳᠤᠯᠠᠭᠰᠠᠨ 
ᠮᠢᠨᠦ ᠠᠷᠠᠳ ᠤ᠋ᠨ ᠠᠶᠠᠯᠭᠤᠲᠤ ᠳᠠᠭᠤᠤ ᠡᠭᠡᠰᠢᠭᠯᠡᠨ᠎ᠡ 
ᠠᠮᠤᠷ ᠪᠠᠢᠨ᠎ᠠ ᠤᠤ ᠮᠡᠨᠳᠦ  ᠎ᠶ᠋ᠢᠨ ᠬᠠᠳᠠᠭ ᠢ᠋ᠶ᠋ᠠᠨ ᠳᠡᠯᠭᠡᠶ᠎ᠡ
ᠮᠥᠩᠬᠡ  ᠎ᠶ᠋ᠢᠨ ᠠᠷᠢᠭᠤᠨ ᠶᠣᠰᠣ ᠪᠠᠨ ᠳᠡᠭᠡᠳᠦᠯᠡᠨ᠎ᠡ
ᠠᠰᠢᠳᠠ  ᠎ᠶ᠋ᠢᠨ ᠢᠷᠦᠭᠡᠯ ᠢ᠋ᠶ᠋ᠡᠷ ᠬᠥᠭᠡᠷᠭᠡ ᠪᠡᠨ ᠵᠥᠷᠢᠭᠦᠯᠦᠭᠡᠳ
ᠮᠣᠩᠭᠣᠯ ᠨᠤᠲᠤᠭ ᠤ᠋ᠨ ᠢ᠋ᠶ᠋ᠠᠨ ᠵᠠᠩᠰᠢᠯ ᠢ᠋ᠶ᠋ᠠᠷ ᠵᠣᠯᠭᠠᠬᠤ ᠰᠠᠢᠬᠠᠨ
ᠠᠮᠤᠷ ᠪᠠᠢᠨ᠎ᠠ ᠤᠤ ᠮᠡᠨᠳᠦ  ᠎ᠶ᠋ᠢᠨ ᠬᠠᠳᠠᠭ ᠢ᠋ᠶ᠋ᠠᠨ ᠳᠡᠯᠭᠡᠶ᠎ᠡ
ᠠᠪᠤ ᠡᠵᠢ ᠡᠯᠢᠭᠡᠨ ᠲᠦᠮᠡᠨ ᠲᠡᠢ ᠪᠡᠨ ᠠᠭᠤᠯᠵᠠᠬᠤ ᠰᠠᠢᠬᠠᠨ
ᠠᠰᠢᠳᠠ  ᠎ᠶ᠋ᠢᠨ ᠢᠷᠦᠭᠡᠯ ᠢ᠋ᠶ᠋ᠡᠷ ᠬᠥᠭᠡᠷᠭᠡ ᠪᠡᠨ ᠵᠥᠷᠢᠭᠦᠯᠦᠭᠡᠳ
ᠮᠣᠩᠭᠣᠯ ᠨᠤᠲᠤᠭ ᠤ᠋ᠨ ᠢ᠋ᠶ᠋ᠠᠨ ᠵᠠᠩᠰᠢᠯ ᠢ᠋ᠶ᠋ᠠᠷ ᠵᠣᠯᠭᠠᠬᠤ ᠰᠠᠢᠬᠠᠨ

ᠰᠡᠳᠬᠢᠯ ᠬᠥᠭᠯᠡᠭᠰᠡᠨ ᠲᠠᠯ᠎ᠠ ᠨᠤᠲᠤᠭ ᠲᠤ᠌ ᠪᠠᠨ ᠣᠴᠢᠭᠠᠳ
ᠰᠠᠨᠠᠭ᠎ᠠ ᠪᠣᠳᠣᠯ ᠤ᠋ᠨ ᠢ᠋ᠶ᠋ᠠᠨ ᠬᠤᠷ᠎ᠠ ‍ᠶ᠋ᠢ ᠲᠠᠢᠯᠤᠨ ᠲᠠᠢᠳᠬᠤᠷᠠᠨ᠎ᠠ
ᠬᠥᠷ ᠪᠠᠶᠠᠷ ᠴᠠᠯᠭᠢᠵᠤ ᠡᠭᠡᠯ ᠠᠷᠠᠳ ᠮᠢᠨᠢ ᠤᠶᠠᠷᠠᠭᠰᠠᠨ
ᠬᠠᠢᠷᠠᠲᠠᠢ ᠨᠤᠲᠤᠭ ᠤ᠋ᠨ ᠢ᠋ᠶ᠋ᠠᠨ ᠡᠪᠦᠷ ᠲᠦ᠍ ᠨᠢ ᠵᠢᠷᠭᠠᠬᠤ ᠰᠠᠢᠬᠠᠨ