ᠤᠶᠠᠷᠠᠯ ᠬᠠᠢᠷ᠎ᠠ ᠶᠢᠨ ᠬᠣᠷᠸ᠋᠎ᠠ-ᠪ ᠥᠯᠵᠡᠢУярал хайрын хорво-б өлзий
ᠤᠶᠠᠷᠠᠯ ᠬᠠᠢᠷ᠎ᠠ ᠶᠢᠨ ᠬᠣᠷᠸ᠋᠎ᠠ
ᠦᠭᠡ᠄ ᠨ ᠪᠠᠶᠠᠨᠮᠥ᠋ᠩᠬᠡ
ᠠᠶ᠎ᠠ ᠄ ᠮ ᠠᠷᠢᠭᠤᠨᠲᠤᠯᠭ᠎ᠠ
ᠳᠠᠭᠤᠴᠢᠨ ᠄ ᠪ ᠥᠯᠵᠡᠢ
ᠶᠠᠪᠤᠭᠤᠯ ᠰᠠᠷᠠᠨ ᠤ
ᠲᠠᠤᠯᠠᠢ ᠬᠣᠷᠸ᠋᠎ᠠ ᠶ᠋ᠢ ᠲᠣᠯᠢᠳᠠᠨ ᠮᠥᠩᠭᠥᠷᠡᠬᠦ ᠳ᠋ᠦ᠍
ᠢᠨᠵᠠᠭ᠎ᠠ ᠪᠠᠨ
ᠳᠠᠭᠠᠭᠤᠯᠤᠭᠰᠠᠨ ᠭᠥᠷᠥᠭᠡᠰᠦ ᠨᠢ ᠡᠵᠢ ᠮᠢᠨᠢ ᠶᠤᠮ ᠰᠢᠭ ᠰᠠᠨᠠᠭᠳᠠᠯ᠎ᠠ
ᠴᠢᠮᠡᠭᠡ ᠠᠨᠢᠷᠯᠠᠨ ᠨᠠᠯᠠᠶ᠋ᠢᠭᠰᠠᠨ
ᠠᠮᠤᠭᠤᠯᠠᠩ ᠲᠠᠯ᠎ᠠ ᠳᠦ ᠪᠡᠨ ᠡᠵᠢ ᠮᠢᠨᠢ
ᠴᠢᠮᠡᠭᠯᠡᠩᠬᠡᠨ
ᠤᠷᠭᠤᠭᠰᠠᠨ ᠰᠡᠮᠪᠠᠷᠦ ᠶᠤᠮ ᠰᠢᠭ ᠪᠣᠳᠣᠭᠳᠠᠯ᠎ᠠ
ᠡᠵᠢ ᠶ᠋ᠢ ᠪᠡᠨ
ᠬᠠᠶ᠋ᠢᠷᠠᠯᠠᠬᠤ ᠰᠡᠳᠬᠢᠯ ᠮᠢᠨᠢ ᠤᠶᠠᠷᠠᠯ ᠬᠠᠶ᠋ᠢᠷ᠎ᠠ ᠶ᠋ᠢᠨ ᠡᠬᠡᠰᠢᠭ ᠲᠡᠢ
ᠢᠷᠡᠵᠦ ᠯᠡ ᠪᠤᠴᠠᠬᠤ ᠶ᠋ᠢᠨ
ᠣᠷᠴᠢᠯᠠᠩ ᠤᠴᠠᠷᠠᠯ ᠵᠠᠶᠠᠭᠠᠨ ᠤ ᠢᠷᠦᠭᠡᠯ ᠲᠡᠢ
ᠵᠥᠭᠡᠯᠡᠨ ᠰᠢᠷᠭᠠᠯ
ᠨᠠᠷᠠᠨ ᠨᠠᠭᠤᠷ ᠲᠤ᠌ ᠬᠣᠲᠠᠯᠠᠵᠤ ᠥᠨᠵᠢᠬᠦ ᠳ᠋ᠦ᠍
ᠵᠦᠩ ᠦᠨ ᠲᠣᠷᠭᠠᠨ
ᠮᠠᠨᠳᠠᠯ ᠨᠢ ᠡᠵᠢ ᠮᠢᠨᠢ ᠶᠤᠮ ᠰᠢᠭ ᠰᠠᠨᠠᠭᠳᠠᠯ᠎ᠠ
ᠡᠯᠡᠰᠦᠨ ᠦ ᠨᠡᠭᠦᠳᠡᠯ
ᠠᠯᠳᠠᠷᠠᠭᠰᠠᠨ ᠡᠭᠡᠷᠡᠮ᠎ᠡ ᠲᠠᠯ᠎ᠠ ᠳᠤ ᠪᠡᠨ ᠡᠵᠢ ᠮᠢᠨᠢ
ᠡᠭᠡᠰᠢᠭᠯᠡᠩᠬᠡᠨ
ᠳᠠᠪᠠᠯᠭᠠᠯᠠᠭᠰᠠᠨ ᠪᠦᠷᠢᠳᠦ ᠨᠢ ᠶᠤᠮ ᠰᠢᠭ ᠪᠣᠳᠣᠭᠳᠠᠯ᠎ᠠ
ᠡᠵᠢ ᠶ᠋ᠢ ᠪᠡᠨ
ᠬᠠᠶ᠋ᠢᠷᠠᠯᠠᠬᠤ ᠰᠡᠳᠬᠢᠯ ᠮᠢᠨᠢ ᠤᠶᠠᠷᠠᠯ ᠬᠠᠶ᠋ᠢᠷ᠎ᠠ ᠶ᠋ᠢᠨ ᠡᠬᠡᠰᠢᠭ ᠲᠡᠢ
ᠢᠷᠡᠵᠦ ᠯᠡ ᠪᠤᠴᠠᠬᠤ ᠶ᠋ᠢᠨ
ᠣᠷᠴᠢᠯᠠᠩ ᠤᠴᠠᠷᠠᠯ ᠵᠠᠶᠠᠭᠠᠨ ᠤ ᠢᠷᠦᠭᠡᠯ ᠲᠡᠢ
ᠳᠣᠯᠣᠭᠠᠨ ᠨᠠᠮᠤᠷ ᠤᠨ
ᠬᠥᠨᠳᠡᠢ ᠳ᠋ᠦ᠍ ᠴᠠᠩ ᠲᠣᠭᠣᠷᠤᠤ ᠪᠥᠵᠢᠬᠦ ᠳ᠋ᠦ᠍
ᠳᠣᠷᠣᠨ᠎ᠠ ᠵᠦᠭ ᠦᠨ
ᠰᠠᠯᠬᠢ ᠨᠢ ᠡᠵᠢ ᠮᠢᠨᠢ ᠶᠤᠮ ᠰᠢᠭ ᠰᠠᠨᠠᠭᠳᠠᠯ᠎ᠠ
ᠳᠤᠷ᠎ᠠ ᠪᠠᠷ ᠢᠶ᠋ᠠᠨ
ᠠᠯᠳᠠᠷᠠᠨ ᠴᠡᠯᠡᠶ᠋ᠢᠭᠰᠡᠨ ᠲᠡᠨᠢᠭᠡᠷ ᠲᠠᠯ᠎ᠠ ᠳᠤ ᠪᠡᠨ ᠡᠵᠢ ᠮᠢᠨᠢ
ᠳᠠᠭᠤᠯᠠᠩᠬᠠᠨ
ᠦᠶᠡᠯᠵᠡᠭᠰᠡᠨ ᠪᠦᠪᠡᠢ ᠶᠤᠮ ᠰᠢᠭ ᠪᠣᠳᠣᠭᠳᠠᠯ᠎ᠠ
ᠡᠵᠢ ᠶ᠋ᠢ ᠪᠡᠨ
ᠬᠠᠶ᠋ᠢᠷᠠᠯᠠᠬᠤ ᠰᠡᠳᠬᠢᠯ ᠮᠢᠨᠢ ᠤᠶᠠᠷᠠᠯ ᠬᠠᠶ᠋ᠢᠷ᠎ᠠ ᠶ᠋ᠢᠨ ᠡᠬᠡᠰᠢᠭ ᠲᠡᠢ
ᠢᠷᠡᠵᠦ ᠯᠡ ᠪᠤᠴᠠᠬᠤ ᠶ᠋ᠢᠨ
ᠣᠷᠴᠢᠯᠠᠩ ᠤᠴᠠᠷᠠᠯ ᠵᠠᠶᠠᠭᠠᠨ ᠤ ᠢᠷᠦᠭᠡᠯ ᠲᠡᠢ
ᠡᠵᠢ ᠶ᠋ᠢ ᠪᠡᠨ
ᠬᠠᠶ᠋ᠢᠷᠠᠯᠠᠬᠤ ᠰᠡᠳᠬᠢᠯ ᠮᠢᠨᠢ ᠤᠶᠠᠷᠠᠯ ᠬᠠᠶ᠋ᠢᠷ᠎ᠠ ᠶ᠋ᠢᠨ ᠡᠬᠡᠰᠢᠭ ᠲᠡᠢ
ᠢᠷᠡᠵᠦ ᠯᠡ ᠪᠤᠴᠠᠬᠤ ᠶ᠋ᠢᠨ
ᠣᠷᠴᠢᠯᠠᠩ ᠤᠴᠠᠷᠠᠯ ᠵᠠᠶᠠᠭᠠᠨ ᠤ ᠢᠷᠦᠭᠡᠯ ᠲᠡᠢ
ᠤᠴᠠᠷᠠᠯ ᠵᠠᠶᠠᠭᠠᠨ ᠤ
ᠢᠷᠦᠭᠡᠯ ᠲᠡᠢ
