ᠮᠠᠯᠴᠢᠨ ᠠᠢᠯ-ᠭᠠᠩᠪᠠᠲᠤ ᠶ᠋ᠢᠨ ᠠᠯᠲᠠᠨᠵᠤᠯᠠМалчин айл-ганбатын алтанзул ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠯᠴᠢᠨ ᠠᠢᠯ-ᠭᠠᠩᠪᠠᠲᠤ ᠶ᠋ᠢᠨ ᠠᠯᠲᠠᠨᠵᠤᠯᠠМалчин айл-ганбатын алтанзул

ᠮᠠᠯᠴᠢᠨ ᠠᠢᠯ-ᠭᠠᠩᠪᠠᠲᠤ ᠶ᠋ᠢᠨ ᠠᠯᠲᠠᠨᠵᠤᠯᠠМалчин айл-ганбатын алтанзул

ᠠᠩᠭᠢᠯᠠᠯ:ᠳᠠᠭᠤᠤ ᠬᠥᠭᠵᠢᠮ
2022-12-04

350

ᠮᠠᠯᠴᠢᠨ ᠠᠢᠯ-ᠭᠠᠩᠪᠠᠲᠤ ᠶ᠋ᠢᠨ ᠠᠯᠲᠠᠨᠵᠤᠯᠠ

          ᠦᠭᠡ :  ᠰᠸᠡᠳᠡᠵᠠᠪ ‍ᠶ᠋ᠢᠨ ᠳᠠᠮᠳᠢᠨᠫᠦᠷᠪᠦ
          ᠠᠶᠠᠯᠭᠤ : ᠯᠣᠪᠰᠠᠩᠳᠣᠷᠵᠢ ᠶ᠋ᠢᠨ ᠬᠡᠰᠢᠭ᠌ᠪᠠᠶᠠᠷ 
          ᠳᠠᠭᠤᠴᠢᠨ ᠄  ᠭᠠᠩᠪᠠᠲᠤ ᠶ᠋ᠢᠨ ᠠᠯᠲᠠᠨᠵᠤᠯᠠ 
ᠤᠷᠢᠬᠠᠨ ᠬᠠᠪᠤᠷ ‍ᠤᠨ ᠲᠥᠯ ᠦ᠋ᠨ ᠳᠠᠭᠤ ᠤᠶᠠᠩᠭᠠᠯᠠᠨ ᠡᠭᠡᠰᠢᠭᠯᠡᠭᠰᠡᠨ
ᠤᠷᠳᠤ  ᠬᠣᠶ᠋ᠢᠲᠤ ᠰᠠᠭᠠᠬᠠᠯᠲᠠ ᠠᠶ᠋ᠢᠯ ‍ᠤᠳ ᠡᠭᠡᠯᠢᠲᠠᠶ᠋ᠢᠬᠡᠨ ᠬᠠᠪᠤᠷᠵᠢᠭᠠᠳ
ᠶᠠᠪᠤᠭᠤᠯ ‍ᠤᠨ ᠬᠥᠮᠥᠨ ᠡᠴᠡ ᠮᠡᠨᠳᠦ ᠠᠰᠠᠭᠤᠨ ᠵᠣᠯᠭᠠᠭᠰᠠᠨ
ᠠᠮᠢᠳᠤᠷᠠᠯ ᠲᠡᠭᠰᠢᠬᠡᠨ ᠮᠠᠯᠴᠢᠨ ᠠᠢᠯ ᠲᠠᠶ᠋ᠢᠪᠤᠭᠤᠬᠠᠨ  ᠰᠠᠶ᠋ᠢᠬᠠᠨ
ᠨᠠᠶ᠋ᠢᠷ ᠲᠠᠢ ᠵᠤᠨ ‍ᠦ ᠨᠠᠭᠠᠳᠤᠮ ‍ᠤᠨ ᠮᠣᠷᠢᠳ ᠦᠦᠷᠰᠡᠨ ᠢᠨᠴᠠᠭᠠᠭᠰᠠᠨ
ᠠᠶ᠋ᠢᠷᠠᠭ ᠰᠥᠩᠨᠡᠨ ᠲᠡᠮᠪᠡᠭᠡ ᠬᠥᠭᠵᠢᠶᠡᠨ ᠳᠠᠭᠤᠲᠠᠶ᠋ᠢᠬᠠᠨ ᠵᠤᠰᠠᠭᠠᠳ
ᠨᠠᠰᠤᠲᠠᠨ ᠪᠤᠭᠤᠷᠤᠯ ‍ᠤᠳ ᠬᠠᠭᠤᠴᠢ ᠳᠡᠯᠭᠡᠨ ᠬᠥᠭᠡᠷᠭᠡ ᠵᠥᠷᠢᠭᠦᠯᠦᠭᠰᠡᠨ
ᠬᠣᠷᠯᠣ᠌ ᠲᠣᠭᠣᠨᠣ᠌ ᠲᠠᠢ ᠮᠠᠯᠴᠢᠨ ᠠᠢᠯ ᠠᠮᠤᠭᠤᠯᠠᠩ ᠰᠠᠢᠬᠠᠨ
ᠲᠠᠶ᠋ᠢᠪᠤᠭᠤ ᠰᠡᠳᠬᠢᠯ ᠴᠠᠶ᠋ᠢᠯᠭᠠᠨ ᠵᠠᠩ ‍ᠢᠶ᠋ᠠᠷ ‍ᠢᠶ᠋ᠠᠨ ᠪᠠᠢᠳᠠᠭ
ᠲᠠᠯ᠎ᠠ ᠶ᠋ᠢᠨ ᠪᠣᠷᠣ᠌ ᠮᠠᠯᠴᠢᠨ ᠠᠢᠯ ᠮᠠᠨ ‍ᠤ ᠬᠢᠨ ᠰᠢᠤ  ᠳ᠋ᠠ
ᠦᠨᠡᠨ ‍ᠦ ᠬᠣᠷᠸ᠋᠎ᠠ ᠳ᠋ᠤ᠌ ᠬᠣᠣᠰ ᠦᠭᠡᠢ ᠮᠠᠯᠴᠢᠨ ᠵᠠᠶᠠᠭ᠎ᠠ
ᠦᠢᠯᠡᠰ ᠨᠢ ᠠᠷᠢᠭᠤᠬᠠᠨ ᠮᠠᠯᠴᠢᠨ ᠮᠢᠨᠤ ᠮᠣᠩᠭᠣᠯ

ᠨᠠᠯᠠᠭᠠᠷ ᠨᠠᠮᠤᠷ ‍ᠤᠨ ᠬᠤᠷᠢᠮ ᠨᠠᠶ᠋ᠢᠷ ᠨᠢ ᠤᠶᠠᠩᠭ᠎ᠠ ᠡᠭᠡᠰᠢᠭᠯᠡᠭᠰᠡᠨ
ᠨᠠᠷᠭᠢᠶᠠᠨ ᠬᠥᠭᠵᠢᠶᠡᠨ ᠪᠢᠯᠬᠠᠨ ᠬᠠᠯᠭᠢᠨ ᠲᠠᠪᠠᠲᠠᠶ᠋ᠢᠬᠠᠨ ᠨᠠᠮᠤᠷᠵᠢᠭᠠᠳ
ᠶᠢᠰᠦᠨ ᠬᠦᠰᠡᠯ ᠦ᠋ᠨ ᠢᠷᠦᠭᠡᠯ ᠲᠡᠭᠰᠢᠯᠡᠨ ᠪᠤᠶᠠᠨ ‍ᠢᠶ᠋ᠠᠨ ᠬᠠᠶ᠋ᠢᠷᠠᠯᠠᠭᠰᠠᠨ
ᠢᠰᠡᠭᠡᠢ ᠲᠤᠭᠤᠷᠭ᠎ᠠ ᠲᠠᠢ ᠮᠠᠯᠴᠢᠨ ᠠᠢᠯ ᠵᠢᠷᠭᠠᠯᠲᠠᠢ ᠰᠠᠶ᠋ᠢᠬᠠᠨ

ᠭᠦᠭᠡᠭᠡ ᠡᠪᠦᠯ ᠦ᠋ᠨ ᠲᠡᠷᠢᠭᠦᠨ ᠰᠠᠷ᠎ᠠ ᠶ᠋ᠢ ᠵᠥᠩᠨᠡᠨ ᠪᠡᠯᠭᠡᠰᠢᠶᠡᠭᠰᠡᠨ
ᠳᠡᠭᠡᠵᠢ ᠴᠠᠢ ᠪᠠᠨ ᠲᠡᠭᠷᠢ ᠳ᠋ᠤ᠌ ᠡᠷᠭᠦᠨ  ᠥᠩᠲᠠᠶ᠋ᠢᠬᠡᠨ ᠡᠪᠦᠯᠵᠢᠭᠡᠳ
ᠬᠠᠳᠠᠭ ‍ᠢᠶ᠋ᠡᠨ ᠳᠡᠯᠭᠡᠨ ᠠᠮᠤᠷ ᠮᠡᠨᠳᠦ ᠪᠡᠨ ᠤᠭᠲᠤᠨ ᠳᠠᠭᠠᠳᠬᠠᠭᠰᠠᠨ
ᠳᠡᠭᠡᠳᠦ ᠡᠴᠡ ᠢᠷᠦᠭᠡᠯ ᠲᠡᠢ ᠮᠠᠯᠴᠢᠨ ᠠᠶ᠋ᠢᠯ ᠲᠡᠨᠢᠭᠦᠬᠡᠨ ᠰᠠᠶ᠋ᠢᠬᠠᠨ
ᠲᠠᠶ᠋ᠢᠪᠤᠭᠤ ᠰᠡᠳᠬᠢᠯ  ᠴᠠᠶ᠋ᠢᠯᠭᠠᠨ ᠵᠠᠩ ‍ᠢᠶ᠋ᠠᠷ ‍ᠢᠶ᠋ᠠᠨ ᠪᠠᠶ᠋ᠢᠳᠠᠭ
ᠲᠠᠯ᠎ᠠ ᠶ᠋ᠢᠨ ᠪᠣᠷᠣ᠌ ᠮᠠᠯᠴᠢᠨ ᠠᠢᠯ ᠮᠠᠨ ‍ᠤ ᠬᠢᠨ ᠰᠢᠤ  ᠳ᠋ᠠ

ᠦᠨᠡᠨ ‍ᠤ ᠬᠣᠷᠸ᠋᠎ᠠ ᠳ᠋ᠤ᠌ ᠬᠣᠣᠰ ᠦᠭᠡᠢ ᠮᠠᠯᠴᠢᠨ ᠵᠠᠶᠠᠭ᠎ᠠ
ᠦᠢᠯᠡᠰ ᠨᠢ ᠠᠷᠢᠭᠤᠬᠠᠨ ᠮᠠᠯᠴᠢᠨ ᠮᠢᠨᠤ ᠮᠣᠩᠭᠣᠯ
ᠲᠠᠶ᠋ᠢᠪᠤᠭᠤ ᠰᠡᠳᠬᠢᠯ ᠴᠠᠶ᠋ᠢᠯᠭᠠᠨ ᠵᠠᠩ ‍ᠢᠶ᠋ᠠᠷ ‍ᠢᠶ᠋ᠠᠨ ᠪᠠᠶ᠋ᠢᠳᠠᠭ
ᠲᠠᠯ᠎ᠠ ᠶ᠋ᠢᠨ ᠪᠣᠷᠣ᠌ ᠮᠠᠯᠴᠢᠨ ᠠᠢᠯ ᠮᠠᠨ ‍ᠤ ᠬᠢᠨ ᠰᠢᠤ ᠳ᠋ᠠ
ᠦᠨᠡᠨ ‍ᠤ ᠬᠣᠷᠸ᠋᠎ᠠ ᠳ᠋ᠤ᠌ ᠬᠣᠣᠰ ᠦᠭᠡᠢ ᠮᠠᠯᠴᠢᠨ ᠵᠠᠶᠠᠭ᠎ᠠ
ᠦᠢᠯᠡᠰ ᠨᠢ ᠠᠷᠢᠭᠤᠬᠠᠨ ᠮᠠᠯᠴᠢᠨ ᠮᠢᠨᠤ ᠮᠣᠩᠭᠣᠯ ᠂ ᠮᠢᠨᠤ ᠮᠣᠩᠭᠣᠯ 


        ᠦᠰᠦᠭ ᠠᠮᠢᠯᠠᠭᠤᠯᠤᠭᠰᠠᠨ ᠨᠢ ᠄ ᠰ ᠂ ᠰᠤᠮᠢᠶ᠎ᠠ    

        ᠦᠰᠦᠭ ᠬᠢᠨᠠᠭᠰᠠᠨ ᠨᠢ ᠄  ᠬᠠᠲᠠᠴᠢ ᠂ ᠤᠷᠠᠨ᠎ᠠ