ᠬᠣᠪᠣᠷᠬᠠᠨ ᠤᠴᠠᠷᠠᠯ-ᠤᠷᠢᠬᠠᠨ ᠂ ᠰᠦᠨᠳᠠᠯᠠᠢХоворхон учрал-урьхан , сөндалай
ᠬᠣᠪᠣᠷᠬᠠᠨ ᠤᠴᠠᠷᠠᠯ-ᠤᠷᠢᠬᠠᠨ ᠂ ᠰᠦᠨᠳᠠᠯᠠᠢ
ᠦᠭᠡ ᠄ ᠨᠠᠰᠤᠨ
ᠠᠶ᠎ᠠ ᠄ ᠪ · ᠨᠠᠶ᠋ᠢᠳᠠᠨᠵᠠᠪ (
ᠮᠣᠩᠭᠣᠯ ᠤᠯᠤᠰ )
ᠤᠷᠢᠬᠠᠨ ᠂
ᠰᠦᠨᠳᠠᠯᠠᠢ ᠳᠠᠭᠤᠯᠠᠨ᠎ᠠ
ᠠᠷᠢᠭᠤᠨ ᠰᠦ᠋
ᠮᠢᠯᠢᠶᠠᠭᠰᠠᠨ ᠠᠶᠠᠨ ᠤ ᠠᠮᠤᠭᠤᠯᠠᠩ ᠳᠥᠷᠥᠭᠡ ᠪᠡᠨ
ᠠᠭᠠᠯᠢ ᠪᠠᠨ
ᠲᠣᠭᠲᠠᠭᠠᠨ ᠴᠢᠮ᠎ᠠ ᠲᠠᠢ ᠪᠠᠨ ᠬᠠᠷᠰᠢᠭᠤᠯᠬᠤ ᠭᠡᠵᠦ ᠤᠴᠠᠷᠠᠭ᠎ᠠ ᠤᠤ
ᠠᠮᠠᠷᠠᠭ
ᠬᠠᠶ᠋ᠢᠷ᠎ᠠ ᠪᠠᠷ ᠲᠥᠭᠡᠨᠡᠭᠰᠡᠨ ᠳᠤᠷᠠᠯᠠᠯ ᠤᠨ ᠬᠠᠯᠠᠭᠤᠬᠠᠨ ᠬᠠᠷᠠᠴᠠ ᠪᠠᠷ ᠢᠶ᠋ᠠᠨ
ᠠᠮᠢᠳᠤᠷᠠᠯ
ᠳᠤᠯᠠᠭᠠᠯᠠᠨ ᠬᠣᠶᠠᠭᠤᠯᠠ ᠪᠠᠨ ᠬᠠᠨᠢᠯᠠᠬᠤ ᠭᠡᠵᠦ ᠰᠢᠷᠲᠡᠭᠡ ᠤᠤ
ᠪᠣᠳᠣᠯ ᠰᠡᠳᠬᠢᠯ
ᠭᠡᠷᠡᠯᠲᠦᠭᠦᠯᠦᠭᠰᠡᠨ ᠶᠠᠮᠠᠷ ᠬᠣᠪᠣᠷᠬᠠᠨ ᠤᠴᠠᠷᠠᠯ ᠪᠤᠢ
ᠪᠤᠶᠠᠨ ᠬᠡᠰᠢᠭ
ᠳᠡᠯᠭᠡᠷᠡᠭᠦᠯᠦᠭᠰᠡᠨ ᠶᠠᠭᠠᠬᠢᠬᠰᠠᠨ ᠰᠠᠶ᠋ᠢᠬᠠᠨ ᠢᠷᠦᠭᠡᠯ ᠪᠤᠢ
ᠡᠨᠡ ᠰᠠᠶ᠋ᠢᠬᠠᠨ
ᠲᠠᠪᠢᠯᠠᠩ ᠢᠶ᠋ᠠᠨ ᠡᠯᠢᠭᠡᠨ ᠳᠦ ᠪᠡᠨ ᠲᠡᠪᠡᠷᠢᠶ᠎ᠡ ᠳ᠋ᠡ
ᠡᠩᠬᠡ ᠨᠠᠷᠠᠨ
ᠰᠠᠷᠠᠨ ᠤ ᠳᠣᠣᠷ᠎ᠠ ᠠᠷᠭᠠᠮᠵᠢᠵᠤ ᠶᠠᠪᠤᠶ᠎ᠠ ᠳ᠋ᠠ
ᠠᠪᠤ ᠶ᠋ᠢᠨ
ᠤᠷᠠᠯᠠᠭᠰᠠᠨ ᠡᠮᠡᠭᠡᠯ ᠦᠨ ᠮᠥᠩᠭᠥᠨ ᠪᠠᠭᠠᠪᠤᠷ ᠭᠢᠯᠠᠯᠵᠠᠭᠤᠯᠤᠨ
ᠠᠯᠢᠶᠠᠯᠠᠨ
ᠦᠶᠡᠷᠬᠡᠨ ᠴᠢᠮ᠎ᠠ ᠲᠠᠢ ᠪᠠᠨ ᠳᠠᠰᠬᠤ ᠭᠡᠵᠦ ᠳᠠᠷᠭᠢᠭᠤᠯᠤᠭᠠ ᠤᠤ
ᠡᠵᠢ ᠶ᠋ᠢᠨ
ᠡᠮᠵᠢᠭᠰᠡᠨ ᠳᠡᠪᠡᠯ ᠦᠨ ᠭᠠᠩᠭᠠᠩ ᠡᠮᠵᠢᠶᠡᠷᠢ ᠮᠢᠷᠠᠯᠵᠠᠭᠤᠯᠤᠨ
ᠢᠵᠢᠯᠢᠬᠡᠨ ᠭᠣᠶᠤᠵᠤ
ᠬᠣᠶᠠᠭᠤᠯᠠ ᠪᠠᠨ ᠠᠮᠢᠳᠤᠷᠠᠬᠤ ᠭᠡᠵᠦ ᠳᠣᠭᠳᠣᠯᠤᠭᠠ ᠤᠤ
ᠪᠣᠳᠣᠯ ᠰᠡᠳᠬᠢᠯ
ᠭᠡᠷᠡᠯᠲᠦᠭᠦᠯᠦᠭᠰᠡᠨ ᠶᠠᠮᠠᠷ ᠬᠣᠪᠣᠷᠬᠠᠨ ᠤᠴᠠᠷᠠᠯ ᠪᠤᠢ
ᠪᠤᠶᠠᠨ ᠬᠡᠰᠢᠭ
ᠳᠡᠯᠭᠡᠷᠡᠭᠦᠯᠦᠭᠰᠡᠨ ᠶᠠᠭᠠᠬᠢᠬᠰᠠᠨ ᠰᠠᠶ᠋ᠢᠬᠠᠨ ᠢᠷᠦᠭᠡᠯ ᠪᠤᠢ
ᠡᠨᠡ ᠰᠠᠶ᠋ᠢᠬᠠᠨ
ᠲᠠᠪᠢᠯᠠᠩ ᠢᠶ᠋ᠠᠨ ᠡᠯᠢᠭᠡᠨ ᠳᠦ ᠪᠡᠨ ᠲᠡᠪᠡᠷᠢᠶ᠎ᠡ ᠳ᠋ᠡ
ᠡᠩᠬᠡ ᠨᠠᠷᠠᠨ
ᠰᠠᠷᠠᠨ ᠤ ᠳᠣᠣᠷ᠎ᠠ ᠠᠷᠭᠠᠮᠵᠢᠵᠤ ᠶᠠᠪᠤᠶ᠎ᠠ ᠳ᠋ᠠ
ᠦᠯᠢᠭᠡᠷ ᠳᠣᠮᠣᠭ
ᠰᠡᠷᠭᠦᠭᠡᠭᠰᠡᠨ ᠡᠪᠦᠭᠡᠳ ᠦᠨ ᠨᠦᠮᠵᠦᠭᠲᠦ ᠭᠣᠯᠣᠮᠲᠠ ᠪᠠᠨ
ᠦᠷᠡᠰ ᠢᠶ᠋ᠡᠨ
ᠡᠷᠬᠡᠯᠡᠭᠦᠯᠵᠦ ᠴᠢᠮ᠎ᠠ ᠲᠠᠢ ᠪᠠᠨ ᠰᠢᠲᠦᠬᠦ ᠭᠡᠵᠦ ᠬᠣᠣᠰᠯᠠᠭᠠ ᠤᠤ
ᠦᠨᠡᠨ ᠦ ᠲᠩᠷᠢ
ᠲᠡᠳᠬᠦᠭᠰᠡᠨ ᠮᠣᠷᠢᠲᠠᠨ ᠵᠠᠶᠠᠭᠠᠨ ᠤ ᠨᠤᠲᠤᠭ ᠲᠠᠭᠠᠨ
ᠦᠰᠦ ᠪᠡᠨ
ᠴᠠᠶ᠋ᠢᠯᠭᠠᠵᠤ ᠬᠣᠶᠠᠭᠤᠯᠠ ᠪᠠᠨ ᠵᠢᠷᠭᠠᠬᠤ ᠭᠡᠵᠦ ᠳᠠᠭᠤᠯᠠᠭᠠ ᠤᠤ