ᠲᠠᠯ᠎ᠠ ᠶ᠋ᠢᠨ ᠮᠣᠩᠭᠣᠯ ᠠᠢᠯ-ᠠᠷᠢᠭᠤᠨ᠎ᠠТалын монгол айл-ариунаа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠯ᠎ᠠ ᠶ᠋ᠢᠨ ᠮᠣᠩᠭᠣᠯ ᠠᠢᠯ-ᠠᠷᠢᠭᠤᠨ᠎ᠠТалын монгол айл-ариунаа

ᠲᠠᠯ᠎ᠠ ᠶ᠋ᠢᠨ ᠮᠣᠩᠭᠣᠯ ᠠᠢᠯ-ᠠᠷᠢᠭᠤᠨ᠎ᠠТалын монгол айл-ариунаа

ᠠᠩᠭᠢᠯᠠᠯ:ᠳᠠᠭᠤᠤ ᠬᠥᠭᠵᠢᠮ
2022-12-03

513

ᠲᠠᠯ᠎ᠠ ᠶ᠋ᠢᠨ ᠮᠣᠩᠭᠣᠯ ᠠᠢᠯ-ᠠᠷᠢᠭᠤᠨ᠎ᠠ

    ᠰᠢᠯᠦᠭ ᠄ ᠤᠶᠤᠨᠴᠢᠮᠡᠭ
    ᠠᠶ᠎ᠠ ᠄  ᠪᠠᠯᠾᠬᠠᠵᠠᠪ
    ᠳᠠᠭᠤᠴᠢᠨ ᠄ ᠠᠷᠢᠭᠤᠨ᠎ᠠ
ᠪᠣᠲᠣᠭᠣ ᠨᠢ ᠭᠣᠩᠭᠠᠨᠢᠬᠤ ᠰᠦᠷᠦᠭ ‍ᠦᠨ ᠳᠡᠷᠭᠡᠳᠡ ᠠ᠋ᠴᠠ

ᠭᠡᠭᠡ ᠲᠠᠲᠠᠨ ᠨᠠᠷᠠᠨ ᠤᠷᠭᠤᠨ᠎ᠠ
ᠲᠠᠭᠠᠨ᠎ᠠ ᠶ᠋ᠢᠨ ᠠᠮᠲᠠᠲᠤ ᠴᠠᠢ ᠪᠠᠨ ᠳᠡᠭᠡᠵᠢᠯᠡᠭᠡᠳ
ᠲᠠᠯ᠎ᠠ ᠶ᠋ᠢᠨ ᠮᠣᠩᠭᠣᠯ ᠠᠢᠯ ᠥᠷᠯᠥᠭᠡ ᠶ᠋ᠢ ᠤᠭᠲᠤᠨ᠎ᠠ

ᠵᠡᠭᠡᠷ᠎ᠡ ᠬᠤᠯᠠᠨ ᠴᠤ᠌ ᠦᠷᠭᠦᠮ᠎ᠡ ᠦᠭᠡᠢ ᠠᠨᠢᠷ ᠦᠭᠡᠢ ᠶ᠋ᠢᠨ ᠳᠤᠮᠳᠠ
ᠲᠠᠯ᠎ᠠ ᠶ᠋ᠢᠨ ᠮᠣᠩᠭᠣᠯ ᠠᠢᠯ  ᠨᠢ ᠲᠠᠶ᠋ᠢᠪᠤᠩ ᠠᠮᠤᠭᠤᠯᠠᠩ

ᠢᠨᠵᠠᠭ᠎ᠠ ᠨᠢ ᠨᠣᠶ᠋ᠢᠷᠮᠤᠭᠯᠠᠬᠤ ᠦᠳᠡ ᠶ᠋ᠢᠨ ᠬᠠᠯᠠᠭᠤᠨ ‍ᠢᠶ᠋ᠠᠷ
ᠡᠭᠡᠵᠡᠭᠡᠢ ᠰᠢᠷᠭᠢᠭᠡᠵᠦ ᠬᠦᠦ ᠪᠡᠨ ᠬᠦᠯᠢᠶᠡᠨ᠎ᠡ
ᠠᠭᠠᠷᠤᠤᠯ ᠰᠡᠪᠡᠷᠡᠭᠡᠵᠦ ᠠᠴᠢ ᠳ᠋ᠠᠭᠠᠨ ᠥᠭᠭᠦᠭᠡᠳ
ᠠᠯᠤᠰ ‍ᠤᠨ ᠠᠭᠤᠯᠠᠨ ᠳ᠋ᠠᠭᠠᠨ ᠰᠠᠴᠤᠯᠢ ᠪᠠᠨ ᠡᠷᠭᠦᠨ᠎ᠡ
ᠵᠡᠭᠡᠷ᠎ᠡ ᠬᠤᠯᠠᠨ ᠴᠤ᠌ ᠦᠷᠭᠦᠮ᠎ᠡ ᠦᠭᠡᠢ ᠠᠨᠢᠷ ᠥᠬᠡᠢ ᠶ᠋ᠢᠨ ᠳᠤᠮᠳᠠ
ᠲᠠᠯ᠎ᠠ ᠶ᠋ᠢᠨ ᠮᠣᠩᠭᠣᠯ ᠠᠢᠯ ᠲᠠᠶ᠋ᠢᠪᠤᠩ ᠠᠮᠤᠭᠤᠯᠠᠩ

ᠰᠠᠷᠠᠨ ᠨᠢ ᠬᠣᠨᠣᠭᠯᠠᠬᠤ ᠨᠤᠲᠤᠭ ‍ᠤᠨ ᠬᠣᠶ᠋ᠢᠮᠣᠷ ‍ ᠠ᠋ᠴᠠ

ᠪᠤᠶᠠᠨᠲᠤ ᠰᠦᠷᠦᠭ ᠢᠳᠡᠰᠢᠯᠡᠨ ᠬᠣᠲᠠᠯᠠᠨ᠎ᠠ
ᠰᠥᠨᠢ ᠶ᠋ᠢᠨ ᠣᠳᠣ ᠲᠠᠢ ᠬᠠᠨᠢᠰᠠᠨ ᠰᠢᠪᠡᠨᠡᠭᠡᠳ
ᠰᠢᠷᠬᠢ ᠶ᠋ᠢᠨ ᠵᠥᠭᠡᠯᠡᠨ ᠳ᠋ᠤ᠌ ᠮᠣᠷᠢ ᠪᠠᠨ ᠠᠷᠭᠠᠮᠵᠢᠨ᠎ᠠ
ᠵᠡᠭᠡᠷ᠎ᠡ ᠬᠤᠯᠠᠨ ᠴᠤ᠌ ᠦᠷᠭᠦᠮ᠎ᠡ ᠦᠭᠡᠢ ᠠᠨᠢᠷ ᠦᠭᠡᠢ ᠶ᠋ᠢᠨ ᠳᠤᠮᠳᠠ
ᠲᠠᠯ᠎ᠠ ᠶ᠋ᠢᠨ ᠮᠣᠩᠭᠣᠯ ᠠᠢᠯ ᠲᠠᠶ᠋ᠢᠪᠤᠩ ᠠᠮᠤᠭᠤᠯᠠᠩ