ᠰᠢᠷ᠎ᠠ ᠲᠠᠯ᠎ᠠ ᠶ᠋ᠢᠨ ᠠᠯᠲᠠᠩᠬᠤᠸᠠ-ᠰ ᠰᠡᠷᠴᠢᠮ᠎ᠠShar talyn aldankhua-S.SerchmaaШар талын алданхуа-С.Сэрчмаа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠷ᠎ᠠ ᠲᠠᠯ᠎ᠠ ᠶ᠋ᠢᠨ ᠠᠯᠲᠠᠩᠬᠤᠸᠠ-ᠰ ᠰᠡᠷᠴᠢᠮ᠎ᠠShar talyn aldankhua-S.SerchmaaШар талын алданхуа-С.Сэрчмаа

ᠰᠢᠷ᠎ᠠ ᠲᠠᠯ᠎ᠠ ᠶ᠋ᠢᠨ ᠠᠯᠲᠠᠩᠬᠤᠸᠠ-ᠰ ᠰᠡᠷᠴᠢᠮ᠎ᠠShar talyn aldankhua-S.SerchmaaШар талын алданхуа-С.Сэрчмаа

ᠠᠩᠭᠢᠯᠠᠯ:ᠳᠠᠭᠤᠤ ᠬᠥᠭᠵᠢᠮ
2022-12-01

1018

ᠰᠢᠷ᠎ᠠ ᠲᠠᠯ᠎ᠠ ᠶ᠋ᠢᠨ ᠠᠯᠲᠠᠩᠬᠤᠸᠠ


   ᠦᠭᠡ᠄ ᠦ᠊᠂ ᠨᠠᠴᠢᠨ 
   ᠠᠶ᠎ᠠ᠄ ᠰᠡᠴᠡᠨᠴᠣᠭᠲᠤ 
   ᠳᠠᠭᠤᠴᠢᠨ᠄ ᠰᠡᠷᠴᠢᠮ᠎ᠠ 

 ᠬᠠᠪᠤᠷ ᠤ᠋ᠨ ᠤᠷᠢ ᠪᠠᠷ ᠨᠢᠳᠦᠯᠡᠭᠡᠳ ᠵᠤᠨ ᠤ᠋ ᠵᠤᠯᠠᠢ ᠳ᠋ᠤ᠌ ᠳᠡᠯᠭᠡᠷᠡᠭᠡ ᠤᠤ 
 ᠬᠠᠭᠠᠨ ᠵᠠᠶᠠᠭ᠎ᠠ ᠲᠦᠰᠢᠭᠡᠳ ᠬᠠᠲᠤᠨ ᠵᠢᠰᠦ ᠲᠡᠢ ᠳᠥᠷᠥᠭᠡ ᠤᠤ 
 ᠤᠶᠠᠷᠠᠬᠤ ᠵᠢᠮ᠎ᠡ ᠲᠡᠢ ᠬᠣᠷᠸ᠎ᠠ ᠳ᠋ᠤ᠌ ᠤᠭᠤᠷᠠᠭ ᠤ᠋ᠨ ᠥᠩᠭᠡ ᠪᠡᠷ ᠰᠦᠵᠢᠷᠡᠭᠡ ᠤᠤ 
 ᠤᠬᠢᠯᠠᠵᠤ ᠳᠠᠭᠤᠯᠠᠬᠤ ᠣᠷᠴᠢᠯᠠᠩ ᠳ᠋ᠤ᠌ ᠢᠨᠢᠶᠡᠬᠦ ᠶ᠋ᠢᠨ ᠯᠡ ᠲᠠᠪᠢᠯᠠᠩ ᠳ᠋ᠤ᠌ ᠵᠠᠶᠠᠭ᠎ᠠ ᠤᠤ 
 ᠠᠢ ᠬᠦ ᠠᠯᠲᠠᠩᠬᠤᠸᠠ 
 ᠠᠩᠭᠢᠷ ᠬᠥᠭᠡᠷᠦᠬᠦᠨ ᠠᠯᠲᠠᠩᠬᠤᠸᠠ 
 ᠰᠢᠷ᠎ᠠ ᠲᠠᠯ᠎ᠠ ᠶ᠋ᠢᠨ ᠠᠯᠲᠠᠩᠬᠤᠸᠠ
 ᠱᠠᠩᠳᠤ ᠶ᠋ᠢᠨ ᠮᠡᠯᠮᠡᠢ ᠠᠯᠲᠠᠩᠬᠤᠸᠠ
 ᠱᠠᠩᠳᠤ ᠶ᠋ᠢᠨ ᠮᠡᠯᠮᠡᠢ ᠠᠯᠲᠠᠩᠬᠤᠸᠠ

 ᠰᠢᠷ᠎ᠠ ᠲᠠᠯ᠎ᠠ ᠶ᠋ᠢᠨ ᠪᠣᠷᠣᠭ᠎ᠠ ᠪᠠᠨ ᠱᠠᠭᠢᠨ ᠱᠠᠭᠢᠭᠤᠯᠵᠤ ᠰᠡᠷᠪᠡᠯᠵᠡᠭᠡ ᠤᠤ
 ᠱᠠᠩᠳᠤ ᠶ᠋ᠢᠨ ᠴᠡᠩᠬᠡᠷ ᠤᠷᠤᠰᠬᠠᠯ ᠢ᠋ᠶ᠋ᠠᠨ ᠦᠶᠡᠯᠡᠨ ᠦᠶᠡᠯᠵᠡᠭᠦᠯᠵᠦ ᠨᠠᠢᠭᠤᠭ᠎ᠠ ᠤᠤ
 ᠬᠤᠨ ᠰᠢᠪᠠᠭᠤᠳ ᠤ᠋ᠨ ᠭᠠᠩᠭᠠᠨᠠᠭ᠎ᠠ ᠪᠠᠷ ᠬᠤᠨᠳᠠᠨ ᠭᠡᠰᠡᠷ ᠢ᠋ᠶ᠋ᠡᠨ ᠵᠠᠳᠠᠯᠤᠭ᠎ᠠ ᠤᠤ
 ᠬᠤᠷ᠎ᠠ ᠶ᠋ᠢᠨ ᠰᠣᠯᠣᠩᠭ᠎ᠠ ᠲᠠᠢ ᠬᠣᠣᠰᠯᠠᠭᠠᠳ ᠲᠠᠯ᠎ᠠ ᠪᠠᠷ ᠳᠦᠭᠦᠷᠡᠩ ᠮᠢᠰᠢᠶᠡᠭᠡ ᠤᠤ
 ( ᠳᠠᠬᠢᠯᠲᠠ) 

 ᠰᠠᠷ᠎ᠠ ᠶ᠋ᠢᠨ ᠨᠠᠰᠤ ᠲᠠᠢ ᠲᠥᠷᠥᠭᠰᠡᠨ ᠴᠦ᠍ ᠵᠠᠭᠤᠨ ᠤ᠋ ᠥᠩᠭᠡ ᠲᠡᠢ ᠰᠢᠷᠭᠠᠯᠲᠤᠭ᠎ᠠ ᠤᠤ
 ᠰᠠᠯᠬᠢᠨ ᠢᠯᠪᠢᠭᠡᠳ ᠥᠩᠭᠡᠷᠡᠬᠦ ᠪᠡᠷ ᠵᠤᠯᠠ ᠶ᠋ᠢᠨ ᠪᠠᠳᠮ᠎ᠠ ᠰᠢᠭ᠋ ᠭᠡᠷᠡᠯᠲᠦᠭᠡ ᠤᠤ
 ᠰᠠᠷᠠᠭᠤᠯ ᠠᠭᠤᠳᠠᠮ ᠨᠤᠲᠤᠭ ᠢ᠋ᠶ᠋ᠠᠨ ᠦᠨᠦᠰᠦᠨ ᠦᠨᠦᠰᠦᠭᠡᠳ ᠲᠣᠬᠢᠯᠵᠠᠭ᠎ᠠ ᠤᠤ
 ᠰᠠᠢᠬᠠᠨ ᠮᠣᠩᠭᠣᠯ ᠥᠬᠢᠳ ᠰᠢᠭ ᠪᠥᠵᠢᠨ ᠪᠥᠵᠢᠭᠯᠡᠨ ᠭᠠᠩᠬᠤᠭ᠎ᠠ ᠤᠤ
 ( ᠳᠠᠬᠢᠯᠲᠠ) ( ᠳᠠᠬᠢᠯᠲᠠ) 

 ᠦᠰᠦᠭ ᠬᠠᠳᠠᠭᠴᠢ᠄ ᠠᠯᠲᠠᠨᠴᠢᠮᠡᠭ
 ᠦᠰᠦᠭ ᠠᠮᠢᠯᠠᠭᠤᠯᠤᠭᠴᠢ᠄ ᠠᠯᠲᠠᠨᠴᠢᠮᠡᠭ
 ᠬᠢᠨᠠᠭᠴᠢ᠄ ᠭᠦᠩᠭᠠᠷ