ᠬᠡᠢᠮᠣᠷᠢ ᠲᠠᠢ ᠠᠪᠤ-ᠯ ᠪᠠᠨᠽᠠᠷᠠᠭᠴᠢХийморьтой аав-л банзрагч ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠢᠮᠣᠷᠢ ᠲᠠᠢ ᠠᠪᠤ-ᠯ ᠪᠠᠨᠽᠠᠷᠠᠭᠴᠢХийморьтой аав-л банзрагч

ᠬᠡᠢᠮᠣᠷᠢ ᠲᠠᠢ ᠠᠪᠤ-ᠯ ᠪᠠᠨᠽᠠᠷᠠᠭᠴᠢХийморьтой аав-л банзрагч

ᠠᠩᠭᠢᠯᠠᠯ:ᠳᠠᠭᠤᠤ ᠬᠥᠭᠵᠢᠮ
2022-12-01

932

ᠬᠡᠢᠮᠣᠷᠢ ᠲᠠᠢ ᠠᠪᠤ-ᠯ ᠪᠠᠨᠽᠠᠷᠠᠭᠴᠢ 

  ᠦᠭᠡ ᠄  ᠴᠢ‍ ᠠᠯᠲᠠᠨᠲᠦ᠋ᠯᠬᠢᠭᠦᠷ
  ᠠᠶ᠎ᠠ ᠄ ᠴ ᠳᠠᠰᠢᠽᠧᠪᠡᠭ
  ᠳᠠᠭᠤᠴᠢᠨ ᠄ ᠯ ᠪᠠᠨᠽᠠᠷᠠᠭᠴᠢ
ᠰᠥᠨᠢ ‍ᠶ᠋ᠢᠨ ᠣᠳᠣ ᠰᠢᠭ᠋ ᠣᠯᠠᠨ ‍ᠤ ᠳᠤᠮᠳᠠ ᠠ᠋ᠴᠠ
ᠡᠳᠦᠷ ‍ᠦᠨ ᠨᠠᠷᠠ ᠰᠢᠭ᠋ ᠭᠠᠭᠴᠠᠬᠠᠨ ᠠᠪᠤ ᠮᠢᠨᠢ
ᠬᠥᠮᠦᠨ ᠵᠠᠶᠠᠭᠠᠨ ‍ᠳᠤ ᠠᠯᠳᠠᠵᠤ ᠣᠨᠣᠯ᠎ᠠ ᠎ᠴᠤ᠌
ᠬᠥᠮᠦᠨ ‍ᠦ ᠮᠥᠰᠥ ᠎ᠲᠡᠢ ᠦᠨᠡᠨ ‍ᠦ ᠲᠩᠷᠢ ᠡ
ᠮᠠᠯᠠᠭᠠᠢ ‍ᠶ᠋ᠢᠨ ᠤᠲᠤᠭ᠎ᠠ ᠰᠡᠷᠭᠦᠭᠡᠵᠦ
ᠬᠡᠶ᠋ᠢᠮᠣᠷᠢ ‍ᠶ᠋ᠢᠨ ᠠᠭᠤᠯᠠᠨ ‍ᠳᠤ ᠵᠠᠯᠪᠠᠷᠢᠬᠤ ‍ᠳᠤ
ᠮᠠᠩᠨᠠᠢ ᠦᠨᠦᠰᠬᠦ ᠰᠠᠯᠬᠢᠨ ᠠ᠋ᠴᠠ ᠨᠢ
ᠠᠪᠤ ‍ᠶ᠋ᠢᠨ ᠮᠢᠨᠢ ᠬᠡᠶ᠋ᠢᠮᠣᠷᠢ ᠦᠨᠦᠷᠲᠦᠬᠦ ᠶᠤᠮ ᠳ᠋ᠠ ᠃


ᠠᠭᠤᠯᠠ ‍ᠶ᠋ᠢᠨ ᠮᠣᠳᠣ ᠰᠢᠭ᠋ ᠲᠦᠮᠡᠨ ‍ᠦ ᠳᠤᠮᠳᠠ ᠠ᠋ᠴᠠ
ᠤᠷᠭᠤᠬᠤ ᠨᠠᠷᠠ ᠰᠢᠭ᠋ ᠭᠠᠭᠴᠠᠬᠠᠨ ᠠᠪᠤ ᠮᠢᠨᠢ
ᠤᠷᠤᠰᠤᠭᠠᠳ ᠥᠩᠭᠡᠷᠡᠬᠦ ᠠᠯᠠᠭᠬᠠᠨ ᠣᠷᠴᠢᠯᠠᠩ ‍ᠳᠤ
ᠤᠷᠲᠤ ‍ᠶ᠋ᠢᠨ ᠳᠠᠭᠤᠤ ᠎ᠲᠠᠢ ᠤᠬᠠᠭᠠᠨ ‍ᠤ ᠲᠩᠷᠢ ᠡ
ᠮᠠᠯᠠᠭᠠᠢ ‍ᠶ᠋ᠢᠨ ᠤᠲᠤᠭ᠎ᠠ ᠰᠡᠷᠭᠦᠭᠡᠵᠦ
ᠬᠡᠶ᠋ᠢᠮᠣᠷᠢ ‍ᠶ᠋ᠢᠨ ᠠᠭᠤᠯᠠᠨ ‍ᠳᠤ ᠵᠠᠯᠪᠠᠷᠢᠬᠤ ‍ᠳᠤ
ᠮᠠᠩᠨᠠᠢ ᠦᠨᠦᠰᠬᠦ ᠰᠠᠯᠬᠢᠨ ᠠ᠋ᠴᠠ ᠨᠢ
ᠠᠪᠤ ‍ᠶ᠋ᠢᠨ ᠮᠢᠨᠢ ᠬᠡᠶ᠋ᠢᠮᠣᠷᠢ ᠦᠨᠦᠷᠲᠦᠬᠦ ᠶᠤᠮ ᠳ᠋ᠠ ᠃

ᠳᠡᠨᠵᠢ ‍ᠶ᠋ᠢᠨ ᠨᠣᠭᠣᠭ᠎ᠠ ᠰᠢᠭ᠋ ᠣᠯᠠᠨ  ‍ᠦ ᠳᠤᠮᠳᠠ ᠠ᠋ᠴᠠ
ᠳᠡᠯᠡᠬᠡᠢ ‍ᠶ᠋ᠢᠨ ᠨᠠᠷᠠ ᠰᠢᠭ᠋ ᠭᠠᠭᠴᠠᠬᠠᠨ ᠠᠪᠤ ᠮᠢᠨᠢ
ᠳᠡᠪᠡᠯ ᠨᠢ ᠭᠠᠩᠳᠠᠬᠤ ᠬᠥᠮᠦᠨ ‍ᠦ ᠣᠷᠴᠢᠯᠠᠩ ‍ᠳᠤ
ᠡᠭᠡᠯᠢ ᠨᠢ ᠭᠤᠨᠳᠠᠬᠤ ᠦᠭᠡᠢ ᠬᠦᠦ ‍ᠶ᠋ᠢᠨ ᠲᠩᠷᠢ ᠡ
 ᠬᠡᠶ᠋ᠢᠮᠣᠷᠢ ‍ᠶ᠋ᠢᠨ ᠠᠭᠤᠯᠠᠨ ‍ᠳᠤ ᠵᠠᠯᠪᠠᠷᠢᠬᠤ ‍ᠳᠤ
ᠮᠠᠩᠨᠠᠢ ᠦᠨᠦᠰᠬᠦ ᠰᠠᠯᠬᠢᠨ ᠠ᠋ᠴᠠ ᠨᠢ
ᠠᠪᠤ ‍ᠶ᠋ᠢᠨ ᠮᠢᠨᠢ ᠬᠡᠶ᠋ᠢᠮᠣᠷᠢ ᠦᠨᠦᠷᠲᠦᠬᠦ ᠶᠤᠮ ᠳ᠋ᠠ ᠃