ᠡᠬᠡ ᠣᠷᠣᠨ ᠲᠠᠨ᠎ᠠ-ᠣ ᠣᠳᠣᠨᠴᠢᠮᠡᠭЭх орон тана-о одончимэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠣᠷᠣᠨ ᠲᠠᠨ᠎ᠠ-ᠣ ᠣᠳᠣᠨᠴᠢᠮᠡᠭЭх орон тана-о одончимэг

ᠡᠬᠡ ᠣᠷᠣᠨ ᠲᠠᠨ᠎ᠠ-ᠣ ᠣᠳᠣᠨᠴᠢᠮᠡᠭЭх орон тана-о одончимэг

ᠠᠩᠭᠢᠯᠠᠯ:ᠳᠠᠭᠤᠤ ᠬᠥᠭᠵᠢᠮ
2022-12-01

570

ᠡᠬᠡ ᠣᠷᠣᠨ ᠲᠠᠨ᠎ᠠ


     ᠦᠭᠡ᠄ ᠪ •ᠱᠠᠭᠳᠠᠷ
     ᠠᠶ᠎ᠠ᠄ ᠪ • ᠴᠣᠭ
     ᠳᠠᠭᠤᠴᠢᠨ᠄ ᠣ• ᠣᠳᠤᠨᠴᠢᠮᠡᠭ

ᠤᠨᠢᠶᠠᠷ ᠲᠠᠲᠠᠭᠰᠠᠨ ᠬᠥᠨᠳᠡᠢ ᠳ᠋ᠦ᠍ ᠴᠢᠨᠢ
ᠤᠨᠠᠭᠠᠨ ᠪᠡᠶ᠎ᠡ ᠮᠢᠨᠢ ᠦᠰᠦᠨ ᠵᠢᠷᠭᠠᠪᠠ
ᠤᠨᠠᠭᠠᠨ ᠪᠡᠶ᠎ᠡ ᠮᠢᠨᠢ ᠵᠢᠷᠭᠠᠭᠰᠠᠨ ᠤ᠋ ᠤᠴᠢᠷ
ᠤᠬᠠᠭᠠᠨ ᠬᠦᠴᠦ ᠪᠡᠨ ᠲᠠᠨ ᠳ᠋ᠠᠭᠠᠨ ᠵᠣᠷᠢᠭᠤᠯᠤᠶ᠎ᠠ᠃

ᠷᠠᠰᠢᠶᠠᠨ ᠪᠣᠯᠣᠷ ᠮᠥᠷᠡᠨ ᠳ᠋ᠦ᠍ ᠴᠢᠨᠢ
ᠠᠯᠳᠠᠭᠠᠨ ᠪᠡᠶ᠎ᠡ ᠮᠢᠨᠢ ᠲᠣᠷᠨᠢᠨ ᠵᠢᠷᠭᠠᠪᠠ
ᠠᠯᠳᠠᠭᠠᠨ ᠪᠡᠶ᠎ᠡ ᠮᠢᠨᠢ ᠵᠢᠷᠭᠠᠭᠰᠠᠨ ᠤ᠋ ᠤᠴᠢᠷ
ᠠᠮᠢ ᠨᠠᠰᠤ ᠪᠠᠨ ᠲᠠᠨ ᠳ᠋ᠠᠭᠠᠨ ᠵᠣᠷᠢᠭᠤᠯᠤᠶ᠎ᠠ᠃

ᠨᠠᠷᠠᠨ ᠤ᠋ ᠪᠣᠮᠠᠨ ᠰᠠᠴᠤᠷᠠᠭ ᠢ᠋ᠶ᠋ᠠᠷ ᠴᠢᠨᠢ
ᠨᠠᠰᠤ ᠪᠡᠶ᠎ᠡ ᠮᠢᠨᠢ ᠲᠡᠩᠬᠡᠷᠡᠨ ᠵᠢᠷᠭᠠᠪᠠ
ᠨᠠᠰᠤ ᠪᠡᠶ᠎ᠡ ᠮᠢᠨᠢ ᠵᠢᠷᠭᠠᠭᠰᠠᠨ ᠤ᠋ ᠤᠴᠢᠷ
ᠨᠠᠨᠳᠢᠨ ᠪᠦᠬᠦᠨ ᠢ᠋ᠶ᠋ᠡᠨ ᠲᠠᠨ ᠳ᠋ᠠᠭᠠᠨ ᠵᠣᠷᠢᠭᠤᠯᠤᠶ᠎ᠠ
ᠨᠠᠰᠤ ᠪᠡᠶ᠎ᠡ ᠮᠢᠨᠢ ᠵᠢᠷᠭᠠᠭᠰᠠᠨ ᠤ᠋ ᠤᠴᠢᠷ
ᠨᠠᠨᠳᠢᠨ ᠪᠦᠬᠦᠨ ᠢ᠋ᠶ᠋ᠡᠨ ᠲᠠᠨ ᠳ᠋ᠠᠭᠠᠨ ᠵᠣᠷᠢᠭᠤᠯᠤᠶ᠎ᠠ᠃

       ᠦᠰᠦᠭ ᠠᠮᠢᠯᠠᠭᠤᠯᠤᠭᠴᠢ᠄ ᠤᠤᠭᠠᠨᠵᠢᠳ
       ᠬᠢᠨᠠᠭᠴᠢ᠄ ᠮᠡᠷᠭᠡᠨᠪᠢᠯᠢᠭ