ᠠᠩᠬᠠᠨ ᠤ ᠴᠠᠰᠤ-KIWIᠬᠠᠮᠲᠤᠯᠢᠭАнхны цас
ᠠᠩᠬᠠᠨ ᠤ ᠴᠠᠰᠤ
ᠰᠢᠯᠦᠭ ᠄ ᠨᠠᠰᠤᠨ
ᠠᠶ᠎ᠠ ᠄ ᠲᠤ ᠬᠤᠷᠴᠠᠪᠠᠭᠠᠲᠤᠷ
ᠳᠠᠭᠤᠴᠢᠨ ᠄KIWIᠬᠠᠮᠲᠤᠯᠢᠭ
ᠠᠮᠤᠭᠤᠯᠠᠩ
ᠰᠥᠨᠢ ᠶ᠋ᠢᠨ ᠠᠨᠢᠷ ᠠᠨᠢᠷᠯᠠᠵᠤ
ᠠᠩᠬᠠᠨ ᠤ ᠴᠠᠰᠤ ᠬᠠᠶᠠᠯᠠᠭ᠎ᠠ ᠶᠤ᠌ ᠳ᠋ᠠ
ᠬᠦ᠋
ᠠᠮᠠᠷᠠᠭ ᠬᠠᠶ᠋ᠢᠷ᠎ᠠ ᠶ᠋ᠢᠨ ᠠᠵᠠ ᠤᠴᠢᠷᠯᠠᠵᠤ
ᠠᠯᠠᠭ ᠳᠡᠯᠡᠬᠡᠢ ᠶ᠋ᠢ ᠪᠦᠷᠬᠦᠭᠡ ᠶᠤ᠌ ᠳ᠋ᠠ ᠬᠦ᠋
ᠰᠦᠨᠢ ᠶ᠋ᠢᠨ ᠰᠠᠷᠠᠨ ᠤ
ᠭᠡᠷᠡᠯ ᠰᠠᠮᠨᠠᠵᠤ
ᠰᠢᠨᠡᠬᠡᠨ ᠴᠠᠰᠤ ᠣᠷᠣᠭ᠎ᠠ ᠶᠤ᠌ ᠳ᠋ᠠ ᠬᠦ᠋
ᠰᠢᠪᠡᠨᠡᠭᠰᠡᠨ ᠵᠢᠷᠦᠬᠡᠨ ᠦ ᠦᠭᠡ ᠪᠡᠨ ᠴᠢᠩᠨᠠᠵᠤ
ᠡᠨᠡᠬᠡᠨ ᠰᠢᠯᠢ ᠶ᠋ᠢ ᠬᠤᠴᠢᠭᠠ ᠶᠤ᠌ ᠳ᠋ᠠ ᠬᠦ᠋
ᠠᠷᠢᠭᠤᠨ ᠪᠠᠶ᠋ᠢᠭᠠᠯᠢ ᠶ᠋ᠢᠨ ᠵᠥᠭᠡᠯᠡᠨ ᠴᠠᠰᠤ
ᠤᠶᠠᠷᠠᠭᠰᠠᠨ ᠰᠡᠳᠬᠢᠯ ᠦᠨ ᠥᠩᠭᠡ ᠶᠤ᠌ ᠳ᠋ᠠ ᠬᠦ᠋
ᠠᠮᠢᠳᠤᠷᠠᠯ ᠳᠤᠮᠳᠠ ᠪᠠᠨ ᠨᠢᠭᠡᠨ ᠢᠶ᠋ᠡᠨ ᠬᠠᠶ᠋ᠢᠷᠠᠯᠠᠭᠠᠳ
ᠤᠴᠠᠷᠠᠭᠰᠠᠨ ᠬᠥᠮᠦᠨ ᠢ ᠥᠭᠭᠦᠭᠡᠵᠢ ᠶᠤ᠌ ᠳ᠋ᠠ ᠬᠦ᠋
ᠭᠡᠨᠡᠨ ᠴᠠᠭᠠᠨ ᠴᠠᠰᠤᠨ ᠤ ᠰᠢᠷᠬᠡᠭ ᠢ
ᠬᠥᠨᠳᠡᠵᠦ ᠪᠢ ᠴᠢᠨᠢ ᠠᠯᠬᠤᠭ᠎ᠠ ᠶᠤ᠌ ᠳ᠋ᠠ ᠬᠦ᠋
ᠭᠡᠷᠡᠯᠲᠦ ᠬᠣᠷᠸ᠋᠎ᠠ ᠳᠤ ᠬᠥᠮᠦᠨ ᠦ ᠦᠷ᠎ᠡ ᠶ᠋ᠢ
ᠭᠤᠨᠳᠠᠭᠠᠵᠤ ᠪᠢ ᠴᠢᠨᠢ ᠰᠠᠨᠠᠭ᠎ᠠ ᠶᠤ᠌ ᠳ᠋ᠠ ᠬᠦ᠋ ᠃
