ᠰᠠᠷᠢᠰᠤᠨ ᠪᠠᠭᠪᠠᠬᠠᠢ ᠳᠣᠮᠣᠭ ᠦᠯᠢᠭᠡᠷ 12Сарьсан багваахай домог үлгэрҮлгэр 12 ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷᠢᠰᠤᠨ ᠪᠠᠭᠪᠠᠬᠠᠢ ᠳᠣᠮᠣᠭ ᠦᠯᠢᠭᠡᠷ 12Сарьсан багваахай домог үлгэрҮлгэр 12

ᠰᠠᠷᠢᠰᠤᠨ ᠪᠠᠭᠪᠠᠬᠠᠢ ᠳᠣᠮᠣᠭ ᠦᠯᠢᠭᠡᠷ 12Сарьсан багваахай домог үлгэрҮлгэр 12

ᠠᠩᠭᠢᠯᠠᠯ:ᠳᠣᠮᠣᠭ ᠦᠯᠢᠭᠡᠷ
2024-11-29

383

ᠰᠠᠷᠢᠰᠤᠨ ᠪᠠᠭᠪᠠᠬᠠᠢ

ᠡᠷᠲᠡ ᠤᠷᠢᠳᠤ ᠶ᠋ᠢᠨ ᠴᠠᠭ ᠲᠤ᠌ ᠭᠡᠨ᠎ᠡ᠃
ᠬᠠᠨ ᠭᠠᠷᠤᠳᠢ ᠰᠢᠪᠠᠭᠤ ᠵᠢᠭᠦᠷᠲᠡᠨ ᠦ᠌ ᠬᠠᠭᠠᠨ ᠪᠣᠯᠤᠭ᠎ᠠ ᠦᠭᠡᠢ ᠲᠡᠷᠡ ᠯᠠ ᠴᠠᠭ ᠲᠤ᠌ ᠭᠡᠨ᠎ᠡ᠃
ᠰᠢᠪᠠᠭᠤᠳ ᠬᠡᠨ ᠨᠢ ᠬᠠᠮᠤᠭ ᠤ᠋ᠨ ᠥᠨᠳᠥᠷ ᠲᠦ᠍ ᠨᠢᠰᠴᠦ ᠭᠠᠷᠤᠭᠠᠳ
ᠬᠠᠮᠤᠭ ᠤ᠋ᠨ ᠬᠤᠷᠳᠤᠨ ᠳᠣᠭᠣᠭᠰᠢ ᠪᠠᠨ ᠪᠠᠭᠤᠵᠤ ᠴᠢᠳᠠᠬᠤ ᠨᠢ ᠪᠣᠢ? ᠲᠡᠭᠦᠨ ᠢ᠋ ᠪᠡᠨ ᠬᠠᠭᠠᠨ ᠪᠣᠯᠭᠠᠶ᠎ᠠ ᠭᠡᠵᠦ ᠪᠣᠯᠵᠣᠭᠠᠳ ᠬᠠᠮᠲᠤ  ᠳᠤ ᠪᠠᠨ ᠳᠡᠭᠡᠭᠰᠢ ᠪᠡᠨ ᠨᠢᠰᠴᠡᠭᠡᠵᠡᠢ ᠭᠡᠨ᠎ᠡ᠃ ᠲᠡᠭᠡᠭᠰᠡᠨ ᠴᠢᠨᠢ ᠰᠠᠷᠢᠰᠤᠨ ᠪᠠᠭᠪᠠᠬᠠᠢ ᠡᠯᠢᠭᠡᠨ ᠳ᠋ᠦ᠍ ᠪᠡᠨ ᠬᠦᠨᠳᠦ ᠴᠢᠯᠠᠭᠤ ᠲᠡᠪᠡᠷᠢᠭᠡᠳ ᠬᠠᠨ ᠭᠠᠷᠤᠳᠢ ᠰᠢᠪᠠᠭᠤᠨ ᠤ᠋ ᠨᠢᠷᠤᠭᠤᠨ ᠳᠡᠭᠡᠷ᠎ᠡ ᠭᠠᠷᠤᠭᠠᠳ ᠰᠠᠭᠤᠴᠢᠬᠠᠵᠠᠢ ᠭᠡᠨ᠎ᠡ᠃
ᠬᠠᠨ ᠭᠠᠷᠤᠳᠢ ᠲᠡᠭᠦᠨ ᠢ᠋ ᠠᠩᠵᠠᠭᠠᠷᠠᠭᠰᠠᠨ ᠦᠭᠡᠢ᠂ ᠶᠡᠷᠦ ᠨᠢ ᠪᠤᠰᠤᠳ ᠰᠢᠪᠠᠭᠤ ᠴᠣ ᠠᠵᠢᠭ ᠰᠡᠵᠢᠭ ᠠᠪᠤᠭᠰᠠᠨ ᠥᠬᠡᠢ᠂ ᠪᠦᠭᠦᠳᠡ ᠯᠡ ᠳᠡᠭᠡᠭᠰᠢ ᠪᠡᠨ ᠥᠨᠳᠥᠷ ᠡᠴᠡ ᠥᠨᠳᠥᠷ ᠲᠦ᠍ ᠳᠡᠭᠦᠯᠢᠨ ᠨᠢᠰᠴᠡᠭᠡᠵᠡᠢ᠃
ᠬᠠᠨ ᠭᠠᠷᠤᠳᠢ ᠰᠢᠪᠠᠭᠤ ᠪᠦᠬᠦ ᠵᠢᠭᠦᠷᠲᠡᠨ ᠡᠴᠡ ᠬᠠᠮᠤᠭ ᠤ᠋ᠨ ᠥᠨᠳᠥᠷ ᠲᠦ᠍ ᠴᠣᠢᠯᠠᠵᠤ ᠭᠠᠷᠤᠭᠠᠳ ᠪᠢ ᠬᠠᠮᠤᠭ ᠤ᠋ᠨ ᠥᠨᠳᠥᠷ ᠲᠦ᠍ ᠭᠠᠷᠴᠢᠬᠠᠯ᠎ᠠ ᠰᠢᠦ ᠳᠡ᠂ ᠶᠡᠷᠦ ᠨᠢ ᠨᠠᠳᠠ ᠠ᠋ᠴᠠ ᠳᠡᠭᠡᠭᠰᠢ ᠥᠨᠳᠥᠷ ᠲᠦ᠍ ᠭᠠᠷᠴᠤ ᠴᠢᠳᠠᠭᠰᠠᠨ ᠰᠢᠪᠠᠭᠤ ᠪᠠᠢᠨ᠎ᠠ ᠤᠤ? ᠲᠠ ᠨᠠᠷ ᠤ᠋ᠨ ᠳᠣᠲᠣᠷ᠎ᠠ ᠭᠡᠵᠦ ᠬᠠᠰᠬᠢᠷᠤᠭᠰᠠᠨ ᠳ᠋ᠤ᠌
ᠰᠠᠷᠢᠰᠤᠨ ᠪᠠᠭᠪᠠᠬᠠᠢ᠄
ᠪᠢ ᠪᠠᠢᠨ᠎ᠠ᠁
ᠪᠢ ᠲᠠᠨ ᠠ᠋ᠴᠠ ᠳᠡᠭᠡᠷ᠎ᠡ ᠭᠠᠷᠴᠢᠬᠠᠭᠰᠠᠨ ᠪᠠᠢᠨ᠎ᠠ ᠰᠢᠦ ᠳᠡ᠂ ᠬᠠᠷᠢᠨ ᠣᠳᠣ ᠪᠢ ᠳᠣᠭᠣᠭᠰᠢ ᠪᠠᠨ ᠱᠤᠩᠪᠠᠭᠠᠳ ᠪᠠᠭᠤᠴᠢᠬᠠᠬᠤ ᠶᠤᠮ ᠪᠣᠯ ᠪᠣᠯᠬᠤ ᠭᠡᠳ ᠪᠠᠢᠨ᠎ᠠ ᠭᠡᠵᠦ ᠬᠡᠯᠡᠭᠡᠳ
ᠡᠯᠢᠭᠡᠨ ᠳ᠋ᠦ᠍ ᠪᠡᠨ ᠴᠢᠯᠠᠭᠤ ᠪᠠᠨ ᠪᠠᠲᠤ ᠭᠡᠭᠴᠢ ᠲᠡᠪᠡᠷᠢᠭᠡᠳ ᠬᠠᠨ ᠭᠠᠷᠤᠳᠢ ᠶ᠋ᠢᠨ ᠨᠢᠷᠤᠭᠤᠨ ᠠ᠋ᠴᠠ ᠦᠰᠦᠷᠦᠭᠡᠳ ᠭᠠᠵᠠᠷ ᠤᠷᠤᠭᠤ ᠱᠤᠩᠪᠠᠨ ᠪᠠᠭᠤᠵᠠᠢ ᠭᠡᠨ᠎ᠡ᠃
ᠲᠡᠭᠡᠭᠡᠳ ᠰᠠᠷᠢᠰᠤᠨ ᠪᠠᠭᠪᠠᠬᠠᠢ  ᠶᠢ ᠡᠯᠳᠡᠪ ᠠᠵᠢᠯ ᠠ᠋ᠴᠠ ᠴᠢᠯᠥᠭᠡᠯᠡᠵᠦ ᠡᠷᠬᠡ ᠳᠠᠷᠬ᠎ᠠ ᠲᠠᠢ ᠪᠣᠯᠭᠠᠵᠤ ᠰᠢᠪᠠᠭᠤ ᠨᠤᠭᠤᠳ ᠲᠡᠭᠦᠨ ᠳ᠋ᠦ᠍ ᠡᠭᠦᠷ ᠵᠠᠰᠠᠵᠤ ᠥᠭᠴᠡᠭᠡᠵᠡᠢ ᠭᠡᠨ᠎ᠡ ᠰᠢᠦ᠃
ᠡᠢᠮᠦ ᠪᠣᠯᠬᠣᠷ ᠰᠢᠪᠠᠭᠤᠨ ᠤ᠋ ᠡᠭᠦᠷ ᠢ᠋
ᠪᠠᠭᠪᠠᠬᠠᠢ ᠶ᠋ᠢᠨ ᠡᠭᠦᠷ ᠭᠡᠳᠡᠭ ᠪᠣᠯᠵᠠᠢ᠃
ᠡᠨᠡ ᠶᠠᠪᠤᠳᠠᠯ ᠠ᠋ᠴᠠ ᠬᠣᠢᠰᠢ ᠣᠯᠠᠨ ᠴᠣ ᠵᠢᠯ ᠥᠩᠭᠡᠷᠡᠵᠦ ᠬᠠᠨ ᠭᠠᠷᠤᠳᠢ ᠥᠲᠡᠯᠵᠦ ᠤᠳᠤᠮ ᠤᠭᠰᠠᠭ᠎ᠠ ᠪᠠᠨ ᠵᠠᠯᠭᠠᠬᠤ ᠦᠷ᠎ᠡ ᠲᠡᠢ ᠪᠣᠯᠤᠶ᠎ᠠ ᠭᠡᠵᠦ ᠪᠣᠳᠣᠭᠠᠳ ᠪᠠᠭ᠎ᠠ ᠬᠠᠲᠤᠨ ᠵᠠᠯᠠᠵᠠᠢ ᠭᠡᠨ᠎ᠡ᠃
ᠥᠯᠥᠰᠦᠭᠰᠡᠨ ᠴᠠᠭ ᠲᠤ᠌ ᠬᠣᠭᠣᠯᠠ ᠪᠣᠯᠭᠠᠨ ᠨᠢ ᠠᠮᠲᠠ ᠲᠠᠢ᠂ ᠥᠲᠡᠯᠬᠦ ᠶᠢᠨ ᠴᠠᠭ ᠲᠤ᠌ ᠡᠬᠡᠨᠡᠷ ᠪᠣᠯᠭᠠᠨ ᠰᠠᠢᠬᠠᠨ ᠭᠡᠭᠴᠢ ᠶ᠋ᠢᠨ ᠦᠯᠢᠭᠡᠷ  ᠢᠶᠡᠷ ᠬᠠᠨ ᠭᠠᠷᠤᠳᠢ ᠬᠣᠷᠸ᠎ᠠ ᠳ᠋ᠤ᠌ ᠬᠣᠣᠰ ᠦᠭᠡᠢ ᠰᠠᠢᠬᠠᠨ ᠡᠬᠡᠨᠡᠷ ᠲᠡᠢ ᠪᠣᠯᠤᠯ᠎ᠠ ᠭᠡᠵᠦ ᠪᠣᠳᠣᠭᠠᠳ ᠪᠠᠭ᠎ᠠ ᠬᠠᠲᠤᠨ ᠳ᠋ᠤ᠌ ᠪᠠᠨ ᠠᠮᠠᠷᠠᠭ ᠬᠠᠢᠷ᠎ᠠ ᠲᠠᠢ ᠴᠤ᠌ ᠭᠡᠵᠦ ᠤᠴᠢᠷ ᠦᠭᠡᠢ᠃ ᠠᠮᠠᠨ ᠠ᠋ᠴᠠ ᠨᠢ ᠭᠠᠷᠤᠭᠰᠠᠨ ᠦᠭᠡ ᠪᠣᠯᠭᠠᠨ ᠢ᠋ ᠠᠯᠳᠠᠯ ᠦᠭᠡᠢ ᠳᠠᠭᠠᠳᠠᠭ ᠪᠣᠯᠵᠠᠢ ᠭᠡᠨ᠎ᠡ᠃
ᠲᠡᠭᠡᠵᠦ ᠪᠠᠢᠲᠠᠯ᠎ᠠ ᠬᠠᠲᠤᠨ ᠨᠢ ᠨᠢᠷᠠᠢᠯᠠᠵᠤ ᠨᠢᠭᠡᠨ ᠨᠤᠭᠤᠨ ᠬᠦᠦ ᠲᠥᠷᠥᠭᠦᠯᠵᠡᠢ ᠭᠡᠨ᠎ᠡ᠃
ᠬᠠᠨ ᠭᠠᠷᠤᠳᠢ ᠣᠳᠣ ᠶᠠᠭᠠᠬᠢᠬᠤᠪ? ᠡᠢᠬᠦᠪ? ᠪᠢ ᠴᠢᠨᠢ ᠴᠢᠮ᠎ᠠ ᠳ᠋ᠤ᠌ ᠪᠠᠨ ᠶᠠᠭᠠᠬᠢᠵᠤ ᠲᠤᠰᠠᠯᠠᠬᠤ ᠪᠣᠢ? ᠭᠡᠳ  ᠬᠠᠲᠤᠨ ᠳᠤ ᠪᠠᠨ ᠰᠥᠭᠥᠳᠴᠦ ᠮᠥᠷᠭᠥᠵᠡᠢ᠃ ᠬᠠᠲᠤᠨ ᠭᠠᠭᠴᠠ ᠬᠦᠦ ᠪᠡᠨ ᠭᠠᠵᠠᠷ ᠳᠡᠯᠡᠬᠡᠢ ᠳ᠋ᠦ᠍ ᠪᠠᠢᠬᠤ ᠦᠭᠡᠢ
ᠰᠠᠢᠬᠠᠨ᠁
ᠥᠯᠥᠭᠡᠢ ᠯᠡ ᠬᠢᠯᠭᠡᠮᠡᠷ ᠪᠠᠢᠨ᠎ᠠ ᠭᠡᠵᠦ ᠭᠡᠨ᠎ᠡ᠃ ᠰᠢᠪᠠᠭᠤᠳ ᠤ᠋ᠨ ᠬᠠᠭᠠᠨ ᠬᠠᠷᠢᠭᠤ ᠳ᠋ᠤᠨᠢ᠄
ᠠ᠁ ᠲᠡᠷᠡ ᠶᠠᠭᠤᠬᠠᠨ ᠪᠠᠢᠬᠤᠪ ᠳᠠ ᠬᠦ᠂ ᠱ᠌ᠢᠷᠦ ᠰᠤᠪᠤᠳ ᠢ᠋ᠶ᠋ᠠᠷ ᠥᠯᠥᠭᠡᠢ ᠬᠢᠯᠭᠡᠬᠦ ᠤᠤ? ᠰᠢᠵᠢᠷ ᠠᠯᠲᠠ ᠪᠠᠷ ᠥᠯᠥᠭᠡᠢ ᠬᠢᠯᠭᠡᠬᠦ ᠤᠤ? ᠬᠠᠯᠢᠶ᠎ᠠ ᠮᠥᠩᠭᠥ ᠪᠡᠷ ᠥᠯᠥᠭᠡᠢ ᠬᠢᠯᠭᠡᠬᠦ ᠤᠤ? ᠬᠠᠲᠠᠭᠤ ᠽᠠᠨᠳᠠᠨ ᠢ᠋ᠶ᠋ᠠᠷ ᠥᠯᠥᠭᠡᠢ ᠬᠢᠯᠭᠡᠬᠦ ᠤᠤ? ᠭᠡᠬᠦ  ᠳᠦᠨᠢ ᠬᠠᠲᠤᠨ ᠨᠢ᠄
ᠡᠨᠡ ᠶᠢᠷᠲᠢᠨᠴᠦ  ᠳᠦ ᠠᠯᠲᠠ ᠮᠥᠩᠭᠥᠨ ᠥᠯᠥᠭᠡᠢ ᠪᠢᠰᠢᠭᠦᠢ ᠯᠡ ᠪᠠᠢᠭ᠎ᠠ ᠪᠢᠵᠡ ᠲᠠ ᠴᠢᠨᠢ ᠬᠠᠮᠤᠭ ᠵᠢᠭᠦᠷᠲᠡᠨ ᠦ᠌ ᠬᠠᠭᠠᠨ ᠪᠣᠯᠬᠣᠷ ᠰᠢᠪᠠᠭᠤᠨ ᠤ᠋ ᠵᠦᠢᠯ ᠢ᠋ᠶ᠋ᠡᠷ ᠯᠡ ᠬᠢᠯᠭᠡᠪᠡᠯ ᠤᠭᠰᠠᠭ᠎ᠠ ᠶᠠᠰᠤᠨ ᠳ᠋ᠤ᠌ ᠴᠢᠨᠢ ᠲᠠᠭᠠᠷᠠᠬᠤ ᠶᠤᠮ ᠪᠢᠰᠢ ᠤᠤ ᠭᠡᠵᠦ ᠨᠠᠭᠠᠯᠢᠩᠬᠠᠢᠲᠤᠵᠠᠢ ᠭᠡᠨ᠎ᠡ᠃
ᠬᠠᠭᠠᠨ᠄
ᠵᠠ ᠪᠠᠢᠵᠠ
ᠦᠭᠡᠢ᠂ ᠲᠡᠭᠡᠭᠡᠳ ᠰᠢᠪᠠᠭᠤᠨ ᠤ᠋ ᠶᠠᠭ ᠶᠠᠭᠤ ᠪᠠᠷ ᠨᠢ ᠬᠢᠯᠭᠡᠪᠡᠯ ᠵᠦᠭᠡᠷ ᠪᠣᠢ? ᠰᠢᠪᠠᠭᠤᠨ ᠤ᠋ ᠥᠳᠥ ᠪᠡᠷ ᠬᠢᠯᠭᠡᠬᠦ ᠤᠤ? ᠡᠪᠴᠢᠭᠦᠦ ᠪᠡᠷ ᠨᠢ ᠤᠤ? ᠡᠰᠡᠬᠦᠯ᠎ᠡ ᠬᠠᠪᠢᠰᠤ ᠪᠠᠷ ᠨᠢ ᠤᠤ? ᠬᠠᠲᠤᠨ ᠮᠢᠨᠢ ᠴᠢ ᠵᠣᠪᠠᠯᠲᠠ ᠦᠭᠡᠢ ᠬᠡᠯᠡ ᠠ᠋ ᠭᠡᠵᠦ ᠭᠡᠨ᠎ᠡ᠃
ᠰᠢᠪᠠᠭᠤᠨ ᠤ᠋ ᠬᠣᠰᠢᠭᠤ ᠪᠠᠷ ᠨᠢ ᠬᠢᠯᠭᠡᠬᠦ ᠶᠦᠮ ᠪᠣᠯ ᠥᠩᠭᠡ ᠦᠵᠡᠮᠵᠢ ᠰᠠᠢᠨᠲᠠᠢ ᠦᠨᠡᠬᠡᠷ ᠪᠠᠲᠤ ᠪᠡᠬᠢ ᠥᠯᠥᠭᠡᠢ ᠪᠣᠯᠤᠨ᠎ᠠ ᠰᠢᠦ ᠳᠡ ᠭᠡᠬᠦ ᠳ᠋ᠦ᠍ ᠬᠠᠨ ᠭᠠᠷᠤᠳᠢ ᠵᠠᠷᠯᠢᠭ ᠪᠣᠯᠭᠠᠵᠤ ᠵᠦᠭ ᠵᠦᠭ ᠲᠡᠢᠰᠢ ᠨᠢ ᠡᠯᠴᠢ ᠶ᠋ᠢ ᠵᠠᠷᠤᠵᠤ ᠬᠠᠮᠤᠭ ᠰᠢᠪᠠᠭᠤ ᠶ᠋ᠢ ᠳᠠᠭᠤᠳᠠᠭᠤᠯᠵᠤ ᠢᠷᠡᠭᠡᠳ ᠬᠣᠰᠢᠭᠤ ᠶ᠋ᠢ ᠨᠢ ᠨᠦᠬᠡᠯᠡᠵᠦ ᠬᠠᠮᠠᠷ ᠢ᠋ᠶ᠋ᠠᠷ ᠨᠢ ᠳᠥᠷᠥᠯᠡᠨ ᠬᠢᠯᠭᠡᠵᠦ ᠭᠠᠷᠴᠠᠢ᠃ ᠢᠷᠡᠭᠰᠡᠨ ᠰᠢᠪᠠᠭᠤᠳ ᠢ᠋ ᠪᠦᠷᠢᠳᠬᠡᠵᠦ ᠦᠵᠡᠪᠡᠯ ᠬᠠᠮᠤᠭ ᠰᠢᠪᠠᠭᠤᠳ ᠢᠷᠡᠵᠦ ᠬᠠᠷᠢᠨ ᠰᠠᠷᠢᠰᠤᠨ ᠪᠠᠭᠪᠠᠬᠠᠢ ᠯᠠ ᠠᠯᠠᠭ᠎ᠠ ᠪᠠᠢᠨ᠎ᠠ ᠭᠡᠨ᠎ᠡ᠃ ᠬᠠᠨ ᠭᠠᠷᠤᠳᠢ ᠶ᠋ᠢᠨ ᠠᠭᠤᠷ ᠣᠮᠣᠭ ᠨᠢ ᠪᠠᠳᠠᠷᠠᠵᠤ ᠰᠠᠷᠢᠰᠤᠨ ᠪᠠᠭᠪᠠᠬᠠᠢ ᠶ᠋ᠢ ᠬᠠᠮᠢᠭ᠎ᠠ ᠪᠠᠢᠭ᠎ᠠ ᠭᠠᠵᠠᠷ ᠠ᠋ᠴᠠ ᠨᠢ ᠱᠠᠯᠠᠪᠬᠠᠨ ᠠᠪᠤᠭᠠᠳ ᠢᠷ᠎ᠡ ᠭᠡᠳ ᠲᠤᠰᠬᠠᠢ ᠡᠯᠴᠢ ᠶ᠋ᠢ ᠵᠠᠷᠤᠵᠠᠢ᠃
ᠬᠠᠨ ᠭᠠᠷᠤᠳᠢ ᠶ᠋ᠢᠨ ᠡᠯᠴᠢ ᠶᠠᠪᠤᠵᠤ ᠣᠴᠢᠭᠠᠳ ᠬᠠᠭᠠᠨ ᠤ᠋ ᠵᠠᠷᠯᠢᠭ ᠢ᠋ ᠠᠢᠯᠠᠳᠬᠠᠭᠰᠠᠨ ᠳ᠋ᠤ᠌ ᠰᠠᠷᠢᠰᠤᠨ ᠪᠠᠭᠪᠠᠬᠠᠢ᠄ ᠪᠢ ᠡᠨᠡ ᠡᠳᠦᠷ ᠭᠤᠷᠪᠠᠨ ᠵᠦᠢᠯ ᠦ᠋ᠨ ᠶᠡᠬᠡ ᠪᠣᠳᠣᠯᠭ᠎ᠠ ᠶ᠋ᠢ ᠪᠣᠳᠣᠭᠠᠳ ᠦᠨᠡᠬᠡᠷ ᠯᠡ ᠵᠠᠪ ᠪᠣᠯᠤᠭᠰᠠᠨ ᠦᠭᠡᠢ᠂ ᠪᠣᠳᠣᠯᠭ᠎ᠠ ᠪᠠᠨ ᠪᠣᠳᠣᠵᠤ ᠳᠠᠭᠤᠰᠬᠠᠭᠠᠳ ᠮᠠᠷᠭᠠᠰᠢ ᠣᠴᠢᠶ᠎ᠠ ᠭᠡᠳ ᠬᠠᠭᠠᠨᠲᠠᠨ ᠳ᠋ᠤ᠌ ᠠᠢᠯᠠᠳᠬᠠᠵᠤ ᠪᠠᠢᠭᠠᠷᠠᠢ ᠭᠡᠳ ᠪᠤᠴᠠᠭᠠᠵᠠᠢ ᠭᠡᠨ᠎ᠡ᠃ ᠰᠠᠷᠢᠰᠤᠨ ᠪᠠᠭᠪᠠᠬᠠᠢ ᠮᠠᠷᠭᠠᠰᠢ ᠨᠢ ᠭᠤᠷᠪᠠᠨ ᠡᠳᠦᠷ ᠦ᠋ᠨ ᠲᠤᠷᠰᠢᠲᠠ ᠭᠤᠷᠪᠠᠨ ᠶᠡᠬᠡ ᠪᠣᠳᠣᠯᠭ᠎ᠠ ᠪᠣᠳᠣᠭᠠᠳ ᠳᠥᠩᠭᠡᠵᠦ ᠳᠠᠩᠭᠠᠵᠤ ᠳᠠᠭᠤᠰᠬᠠᠭᠠᠳ ᠢᠷᠡᠯ᠎ᠡ ᠰᠢᠦ ᠳᠡ᠂ ᠬᠠᠭᠠᠨᠲᠠᠨ ᠭᠤᠸᠠᠢ ᠭᠡᠳ ᠰᠠᠨᠳᠤᠷᠴᠤ ᠲᠡᠪᠡᠳᠡᠭᠰᠡᠨ ᠴᠢᠷᠠᠢ ᠭᠠᠷᠭᠠᠵᠤ ᠰᠡᠷ ᠰᠤᠷ ᠬᠢᠭᠰᠡᠭᠡᠷ ᠬᠦᠷᠴᠦ ᠢᠷᠡᠵᠡᠢ ᠭᠡᠨ᠎ᠡ᠃
ᠬᠠᠨ ᠭᠠᠷᠤᠳᠢ
ᠵᠠ ᠲᠡᠭᠡᠭᠡᠳ ᠶᠠᠮᠠᠷ ᠭᠤᠷᠪᠠᠨ ᠪᠣᠳᠣᠯᠭ᠎ᠠ ᠪᠣᠳᠣᠭᠰᠠᠨ ᠢ᠋ᠶ᠋ᠠᠨ ᠪᠤᠰᠢᠭᠤᠬᠠᠨ ᠬᠡᠯᠡ ᠭᠡᠵᠦ ᠭᠡᠨ᠎ᠡ᠃
ᠨᠢᠭᠡᠳᠡᠬᠢ ᠨᠢ ᠪᠣᠯ ᠡᠨᠡ ᠶᠢᠷᠲᠢᠨᠴᠦ ᠶ᠋ᠢᠨ ᠡᠳᠦᠷ ᠨᠢ ᠣᠯᠠᠨ ᠪᠠᠢᠨ᠎ᠠ ᠤᠤ? ᠠ ᠰᠥᠨᠢ ᠨᠢ ᠣᠯᠠᠨ ᠪᠠᠢᠨ᠎ᠠ ᠤᠤ? ᠭᠡᠳᠡᠭ ᠢ᠋ ᠪᠢ ᠲᠣᠭᠠᠯᠠᠵᠤ ᠪᠣᠳᠣᠭᠠᠳ ᠢᠷᠡᠯ᠎ᠡ ᠭᠡᠵᠡᠢ᠃
ᠲᠡᠭᠡᠭᠡᠳ ᠠᠯᠢ ᠨᠢ ᠣᠯᠠᠨ ᠪᠠᠢᠨ᠎ᠠ ᠳᠠ? ᠭᠡᠵᠦ ᠬᠠᠨ ᠭᠠᠷᠤᠳᠢ ᠶ᠋ᠢ ᠠᠰᠠᠭᠤᠬᠤ ᠳ᠋ᠤ᠌ ᠄
ᠦᠦᠷ ᠦ᠋ᠨ ᠬᠠᠷᠠᠩᠭᠤᠢ ᠦᠳᠡᠰᠢ ᠶ᠋ᠢᠨ ᠪᠦᠷᠦᠩᠬᠦᠢ ᠲᠡᠢ ᠨᠠᠷᠠ ᠦᠭᠡᠢ ᠡᠳᠦᠷ ᠢ᠋ᠶ᠋ᠡᠷ ᠦᠵᠡᠬᠦ ᠶᠦᠮ ᠪᠣᠯ ᠰᠥᠨᠢ ᠨᠢ ᠬᠠᠪᠢ ᠦᠭᠡᠢ ᠣᠯᠠᠨ ᠶᠤᠮ ᠳᠠ ᠭᠡᠵᠦ ᠭᠡᠨ᠎ᠡ᠃
ᠵᠠ᠂ ᠲᠡᠢᠮᠦ ᠪᠠᠢᠳᠠᠭ ᠪᠠᠢᠵᠠᠢ᠃ ᠲᠡᠭᠡᠭᠡᠳ ᠬᠣᠶᠠᠳᠠᠬᠢ ᠨᠢ ᠶᠠᠮᠠᠷ ᠪᠣᠳᠣᠯᠭ᠎ᠠ ᠪᠠᠢᠪᠠ ᠳᠠ? ᠭᠡᠬᠦ ᠳ᠋ᠦ᠍ ᠰᠠᠷᠢᠰᠤᠨ ᠪᠠᠭᠪᠠᠬᠠᠢ᠄ ᠶᠢᠷᠲᠢᠨᠴᠦ ᠶ᠋ᠢᠨ ᠰᠢᠪᠠᠭᠤᠳ ᠢ᠋ ᠦᠬᠦᠭᠰᠡᠨ ᠨᠢ ᠣᠯᠠᠨ ᠶᠤᠮ ᠤᠤ? ᠠᠮᠢᠳᠤ ᠨᠢ ᠣᠯᠠᠨ ᠶᠤᠮ ᠤᠤ? ᠭᠡᠳᠡᠭ ᠢ᠋ ᠪᠣᠳᠣᠯ᠎ᠠ᠁
ᠲᠡᠭᠡᠭᠰᠡᠨ ᠴᠢᠨᠢ ᠤᠨᠲᠠᠵᠤ ᠪᠠᠢᠭ᠎ᠠ ᠰᠢᠪᠠᠭᠤ ᠶ᠋ᠢ ᠦᠬᠦᠭᠰᠡᠨ ᠳ᠋ᠦ᠍ ᠲᠣᠭᠠᠴᠠᠬᠤ ᠶᠤᠮ ᠪᠣᠯ ᠠᠮᠢᠳᠤ ᠠ᠋ᠴᠠ ᠪᠠᠨ ᠦᠬᠦᠭᠰᠡᠨ ᠨᠢ ᠬᠠᠪᠢ ᠦᠭᠡᠢ ᠣᠯᠠᠨ ᠶᠤᠮ ᠪᠠᠢᠨ᠎ᠠ ᠭᠡᠵᠦ ᠪᠣᠳᠣᠯ᠎ᠠ ᠭᠡᠵᠦ ᠭᠡᠨ᠎ᠡ᠃ ᠲᠡᠭᠡᠲᠡᠯ᠎ᠡ ᠬᠠᠨ ᠭᠠᠷᠤᠳᠢ
ᠵᠠ᠂ ᠲᠡᠢᠮᠦ ᠪᠠᠢᠳᠠᠭ ᠪᠠᠢᠵᠠᠢ ᠃ ᠲᠡᠭᠡᠪᠡᠯ ᠭᠤᠷᠪᠠᠳᠠᠬᠢ ᠨᠢ ᠶᠠᠮᠠᠷ ᠪᠣᠳᠣᠯᠭ᠎ᠠ ᠪᠠᠢᠪᠠ ᠳᠠ? ᠭᠡᠵᠦ ᠭᠡᠨ᠎ᠡ᠃
ᠵᠠ᠁ ᠭᠤᠷᠪᠠᠳᠠᠬᠢ ᠨᠢ ᠪᠣᠯ᠄
ᠡᠨᠡ ᠶᠢᠷᠲᠢᠨᠴᠦ ᠶ᠋ᠢᠨ ᠰᠢᠪᠠᠭᠤᠳ ᠤ᠋ᠨ ᠡᠷ᠎ᠡ ᠨᠢ ᠣᠯᠠᠨ ᠶᠤᠮ ᠪᠣᠯᠪᠠ ᠤᠤ? ᠡᠮ᠎ᠡ ᠨᠢ ᠣᠯᠠᠨ ᠶᠤᠮ ᠪᠣᠯᠪᠠ ᠤᠤ? ᠭᠡᠳᠡᠭ ᠢ᠋ ᠪᠣᠳᠣᠵᠤ ᠭᠠᠷᠭᠠᠯ᠎ᠠ ᠳᠠ᠂ ᠲᠡᠭᠡᠭᠡᠳ ᠡᠮ᠎ᠡ ᠳ᠋ᠦ᠍ ᠪᠡᠨ ᠵᠠᠬᠢᠷᠤᠭᠳᠠᠭᠰᠠᠨ ᠡᠷ᠎ᠡ ᠶ᠋ᠢ ᠡᠮ᠎ᠡ ᠰᠢᠪᠠᠭᠤᠨ ᠳ᠋ᠤ᠌ ᠲᠣᠭᠠᠴᠠᠬᠤ ᠶᠤᠮ ᠪᠣᠯ ᠡᠮ᠎ᠡ ᠨᠢ ᠬᠠᠪᠢ ᠦᠭᠡᠢ ᠣᠯᠠᠨ ᠪᠠᠢᠳᠠᠭ ᠶᠤᠮ ᠪᠠᠢᠨ᠎ᠠ ᠁ ᠭᠡᠵᠦ ᠭᠡᠨ᠎ᠡ᠃ ᠬᠠᠨ ᠭᠠᠷᠤᠳᠢ ᠢᠩᠭᠢᠵᠦ ᠰᠠᠷᠢᠰᠤᠨ ᠪᠠᠭᠪᠠᠬᠠᠢ ᠳ᠋ᠤ᠌ ᠳᠥᠩᠭᠡᠭᠦᠯᠦᠭᠰᠡᠨ ᠳ᠋ᠦ᠍ ᠪᠡᠨ ᠢᠴᠢᠵᠦ ᠬᠣᠰᠢᠭᠤ ᠶ᠋ᠢ ᠨᠢ ᠴᠣᠭᠣᠯᠵᠤ ᠳᠥᠷᠥᠯᠡᠭᠰᠡᠨ ᠪᠦᠬᠦ ᠰᠢᠪᠠᠭᠤᠳ ᠢ᠋ ᠰᠤᠯᠠᠯᠠᠵᠤ ᠶᠠᠪᠤᠭᠤᠯᠵᠠᠢ᠃
ᠡᠨᠡ ᠴᠠᠭ ᠠ᠋ᠴᠠ ᠬᠣᠢᠰᠢ ᠰᠢᠪᠠᠭᠤᠳ ᠥᠨᠳᠡᠭᠡᠯᠡᠬᠦ ᠳ᠋ᠦ᠍ ᠪᠡᠨ ᠥᠯᠥᠭᠡᠢ ᠪᠡᠯᠡᠳᠬᠡᠳᠡᠭ ᠦᠭᠡᠢ ᠵᠥᠪᠬᠡᠨ ᠡᠭᠦᠷ ᠵᠠᠰᠠᠳᠠᠭ ᠪᠣᠯᠤᠭᠰᠠᠨ ᠶᠤᠮ ᠭᠡᠨ᠎ᠡ᠃ ᠰᠢᠪᠠᠭᠤᠳ ᠬᠠᠨ ᠭᠠᠷᠤᠳᠢ ᠳ᠋ᠤ᠌ ᠬᠠᠮᠠᠷ ᠢ᠋ᠶ᠋ᠠᠨ ᠳᠥᠷᠥᠯᠡᠭᠦᠯᠦᠭᠰᠡᠨ ᠦ ᠤᠴᠢᠷ ᠰᠢᠪᠠᠭᠤᠳ ᠤ᠋ᠨ ᠬᠣᠰᠢᠭᠤ ᠨᠦᠬᠡ ᠲᠡᠢ ᠪᠣᠯᠤᠭᠰᠠᠨ ᠶᠤᠮ ᠭᠡᠨ᠎ᠡ᠃
ᠬᠠᠷᠢᠨ ᠰᠠᠷᠢᠰᠤᠨ ᠪᠠᠭᠪᠠᠬᠠᠢ ᠬᠠᠮᠠᠷ ᠢ᠋ᠶ᠋ᠠᠨ ᠳᠥᠷᠥᠯᠡᠭᠦᠯᠦᠭᠡ ᠦᠭᠡᠢ ᠤᠴᠢᠷ ᠠ᠋ᠴᠠ ᠬᠣᠰᠢᠭᠤ ᠨᠢ ᠭᠠᠭᠴᠠᠭᠠᠷ ᠢ᠋ᠶ᠋ᠠᠨ ᠪᠦᠲᠦᠨ ᠦᠯᠡᠳᠡᠭᠰᠡᠨ ᠶᠦᠮ ᠰᠠᠨᠵᠠᠢ᠃

ᠦᠰᠦᠭ ᠬᠢᠨᠠᠭᠴᠢ᠄ ᠮᠥᠴᠢᠷ
ᠦᠰᠦᠭ ᠬᠠᠲᠠᠭᠴᠢ᠄ ᠴᠧᠨ ᠬᠤᠪᠢᠰᠬᠠᠯ
ᠦᠰᠦᠭ ᠠᠮᠢᠯᠠᠭᠤᠯᠤᠭᠴᠢ᠄ ᠴᠧᠨ ᠬᠤᠪᠢᠰᠬᠠᠯ