ᠮᠠᠨᠳᠤᠬᠠᠢ ᠰᠡᠴᠡᠨ ᠬᠠᠲᠤᠨМандухай Цэцэн хатан ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠨᠳᠤᠬᠠᠢ ᠰᠡᠴᠡᠨ ᠬᠠᠲᠤᠨМандухай Цэцэн хатан

ᠮᠠᠨᠳᠤᠬᠠᠢ ᠰᠡᠴᠡᠨ ᠬᠠᠲᠤᠨМандухай Цэцэн хатан

ᠠᠩᠭᠢᠯᠠᠯ:ᠲᠡᠦᠬᠡ ᠰᠣᠶᠣᠯ
2023-11-29

340

   ᠮᠠᠨᠳᠤᠬᠠᠢ ᠬᠠᠲᠤᠨ ᠪᠠᠲᠤᠮᠦᠢ᠍ᠩᠬᠡ ᠲᠠᠶᠠᠨ ᠬᠠᠭᠠᠨ ‍ᠤ ᠬᠠᠲᠤᠨ ᠪᠥᠭᠡᠳ ᠮᠣᠩᠭᠣᠯ ᠤᠯᠤᠰ ‍ᠢ ᠨᠢᠭᠡᠤᠠᠬᠡᠬᠦ ‍ᠳᠦ ᠴᠢᠬᠤᠯᠠ ᠶᠡᠬᠡ ᠬᠤᠪᠢ ᠨᠡᠮᠡᠷᠢ ᠣᠷᠣᠭᠤᠯᠤᠭᠰᠠᠨ ᠤᠯᠤᠰ ᠲᠥᠷᠥ ‍ᠶ᠋ᠢᠨ ᠵᠢᠤᠠᠬᠦᠯᠲᠡᠨ ᠃
 ᠮᠠᠨᠳᠤᠬᠠᠢ ᠠᠩᠬᠠᠨ ‍ᠲᠤ ᠎ᠪᠠᠨ ᠮᠠᠨᠲᠤᠭᠤᠯᠢ ᠬᠠᠭᠠᠨ ‍ᠤ ᠪᠠᠬ᠋᠎ᠠ ᠬᠠᠲᠤᠨ ᠪᠣᠯᠵᠤ ᠂ ᠲᠡᠭᠦᠨ ‍ᠲᠦ ᠬᠣᠶᠠᠷ ᠥᠬᠢᠨ ᠲᠥᠷᠥᠭᠦᠯᠵᠦ ᠥᠭᠴᠡᠢ 
  ᠮᠠᠨᠲᠤᠭᠤᠯᠢ ᠬᠠᠭᠠᠨ ᠨᠠᠰᠤ ᠪᠠᠷᠠᠭᠰᠠᠨ ‍ᠤ ᠲᠠᠷᠠᠬ᠋᠎ᠠ ᠲᠥᠷᠥ ‍ᠶ᠋ᠢᠨ ᠬᠡᠷᠡᠭ ‍ᠢ ᠲᠦᠷ ᠬᠠᠮᠢᠶᠠᠷᠴᠤ ᠪᠠᠶ᠋ᠢᠪᠠ ᠃ 
 ᠴᠢᠩᠭᠢᠰ ‍ᠦᠨ ᠠᠯᠲᠠᠨ ᠤᠷᠤᠭ ᠲᠠᠰᠤᠷᠠᠭᠰᠠᠨ ᠬᠡᠮᠡᠨ ᠦᠵᠡᠭᠰᠡᠨ ᠬᠠᠰᠠᠷ ‍ᠤᠨ ᠤᠭᠰᠠᠭᠠᠨ ‍ᠤ ᠬᠣᠷᠴᠢᠨ ‍ᠤ ᠦᠨᠡᠪᠤᠯᠤᠳ ᠸᠠᠩ ᠮᠠᠨᠳᠤᠬᠠᠢ ‍ᠳᠤ ᠭᠡᠷᠯᠡᠬᠦ ᠰᠠᠨᠠᠯ ᠲᠠᠯᠪᠢᠭᠰᠠᠨ ᠪᠣᠯᠪᠠᠴᠤ ᠮᠠᠨᠳᠤᠬᠠᠢ ᠲᠠᠲᠠᠭᠠᠯᠵᠠᠵᠠᠢ ᠃
 ᠮᠠᠨᠳᠤᠬᠠᠢ ᠴᠢᠩᠭᠢᠰ ᠬᠠᠭᠠᠨ ‍ᠤ ᠠᠯᠲᠠᠨ ᠤᠷᠤᠭ ᠬᠠᠭᠠᠨ ᠰᠢᠷᠡᠭᠡ ᠵᠠᠯᠭᠠᠮᠵᠢᠯᠠᠬᠤ ᠶᠣᠰᠣ ‍ᠶ᠋ᠢ ᠬᠠᠲᠠᠭᠠᠯᠠᠬᠤ ‍ᠶ᠋ᠢᠨ ᠲᠤᠯᠠᠲᠠ ᠪᠠᠶᠠᠨᠮᠦᠢ᠍ᠩᠬᠡ ᠪᠣᠯᠬᠤ ᠵᠢᠨᠤᠩ ‍ᠤᠨ ᠬᠦᠦ ᠪᠠᠲᠦᠮᠦᠢ᠍ᠩᠬᠡ ‍ᠶ᠋ᠢ ᠬᠠᠶ᠋ᠢᠵᠤ ᠣᠯᠵᠤ ᠂ ᠬᠠᠭᠠᠨ ᠰᠢᠷᠡᠭᠡᠨ ‍ᠲᠦ ᠵᠠᠯᠠᠭᠠᠳ ᠥᠪᠡᠷ ‍ᠢᠶ᠋ᠡᠨ ᠲᠡᠭᠦᠨ ‍ᠦ ᠶᠡᠬᠡ ᠬᠠᠲᠤᠨ ᠨᠢ ᠪᠣᠯᠪᠠ ᠃
 ᠲᠡᠷᠡ ᠦᠶ᠎ᠡ ‍ᠲᠦ ᠮᠠᠨᠳᠤᠬᠠᠢ ᠭᠤᠴᠢᠨ ᠭᠤᠷᠪᠠᠨ ᠨᠠᠰᠤᠲᠠᠢ ᠂ ᠪᠠᠲᠤᠮᠦᠢ᠍ᠩᠬᠡ ᠲᠣᠯᠣᠭᠠᠨ ᠨᠠᠰᠤ ᠎ᠲᠠᠢ ᠪᠠᠶ᠋ᠢᠵᠠᠢ ᠃ ᠪᠠᠲᠤᠮᠦᠢ᠍ᠩᠬᠡ ‍ᠶ᠋ᠢ ᠦᠰᠴᠦ ᠲᠣᠮᠣ ᠪᠣᠯᠲᠠᠯ᠎ᠠ ᠮᠠᠨᠳᠤᠬᠠᠢ ᠬᠠᠲᠤᠨ ᠲᠥᠷᠥ ‍ᠶ᠋ᠢᠨ ᠬᠡᠷᠡᠭ ᠲᠦ ᠨᠢ ᠲᠤᠰᠠᠯᠠᠨ ᠰᠢᠢᠤᠠᠭᠡᠵᠦ ᠪᠠᠶ᠋ᠢᠪᠠ ᠃ ᠮᠠᠨᠳᠤᠬᠠᠢ ᠬᠠᠲᠤᠨ ᠪᠠᠲᠤᠮᠦᠢ᠍ᠩᠬᠡ ᠨᠠᠷ ᠤᠯᠤᠰ ᠣᠷᠣᠨ ‍ᠤ ᠎ᠪᠠᠨ ᠲᠠᠷᠠᠬᠠᠢ ᠪᠤᠲᠠᠷᠬᠠᠢ ᠪᠠᠶ᠋ᠢᠲᠠᠯ ‍ᠢ ᠡᠴᠦᠰ ᠪᠣᠯᠭᠠᠵᠤ ᠂ ᠶᠡᠬᠡ ᠬᠠᠭᠠᠨ ‍ᠤ ᠵᠠᠬᠢᠷᠭᠠᠨ ‍ᠲᠤ ᠨᠢᠭᠡᠤᠠᠬᠦ ᠪᠣᠲᠣᠯᠬ᠋᠎ᠠ ᠶᠠᠪᠤᠭᠤᠯᠪᠠ ᠃
 ᠶᠠᠭᠤᠨ ‍ᠤ ᠡᠮᠦᠨ᠎ᠡ ᠮᠠᠨᠳᠤᠬᠠᠢ ᠤᠶ᠋ᠢᠷᠠᠳ ‍ᠢ ᠲᠣᠪᠲᠣᠯᠤᠨ ᠲᠠᠰ ᠪᠦᠷᠢᠲᠦ ᠭᠡᠳᠡᠭ ᠭᠠᠵᠠᠷ ᠪᠤᠲᠠ ᠴᠣᠬᠢᠨ ᠡᠷᠬᠡᠨ ‍ᠳᠦ ᠎ᠪᠡᠨ ᠣᠷᠣᠭᠤᠯᠪᠠ ᠃ ᠮᠢᠩᠭ᠎ᠠ ᠲᠥᠷᠪᠡᠨ ᠵᠠᠭᠤᠨ ᠨᠠᠶᠠᠭᠠᠳ ᠤᠨ ‍ᠤ ᠡᠬᠢ ᠎ᠪᠡᠷ ᠶᠡᠬᠡᠬᠡᠨ ᠡᠷᠬᠡ ᠮᠡᠲᠡᠯ ᠪᠦᠬᠦᠢ ᠪᠡᠬᠡᠷᠰᠦᠨ ᠲᠠᠶ᠋ᠢᠰᠢ ᠢᠰᠮᠠᠨ ᠲᠠᠶ᠋ᠢᠰᠢ ᠨᠠᠷ ‍ᠢ ᠪᠤᠲᠠ ᠴᠣᠬᠢᠪᠠ ᠃ ᠮᠢᠩᠭ᠎ᠠ ᠲᠥᠷᠪᠡᠨ ᠵᠠᠭᠤ ᠨᠠᠶᠠ ᠶᠢᠰᠦᠨ ᠣᠨ ‍ᠤ ᠦᠶ᠎ᠡ ‍ᠲᠦ ᠮᠠᠨᠳᠤᠬᠠᠢ ᠪᠠᠲᠤᠮᠦᠢ᠍ᠩᠬᠡ ᠨᠠᠷ ᠣᠶ᠋ᠢᠷᠠᠳ ᠎ᠲᠠᠢ ᠲᠠᠬᠢᠨ ᠲᠤᠯᠤᠯᠲᠤᠪᠠ ᠃ ᠡᠶ᠋ᠢᠨ ‍ᠬᠦ ᠶᠡᠬᠡ ᠬᠠᠭᠠᠨ ‍ᠲᠤ ᠲᠡᠷᠰᠡᠯᠡᠭᠴᠢᠳ ‍ᠢ ᠲᠠᠷᠤᠩᠭᠤᠶ᠋ᠢᠯᠠᠭᠰᠠᠨ ᠨᠢ ᠮᠣᠩᠭᠣᠯ ᠤᠯᠤᠰ ‍ᠤᠨ ᠪᠦᠷᠢᠨ ᠪᠦᠲᠦᠨ ᠪᠠᠶ᠋ᠢᠲᠠᠯ ‍ᠢ ᠪᠡᠬᠢᠵᠢᠭᠦᠯᠵᠦ ᠂ ᠪᠠᠲᠤᠮᠦᠢ᠍ᠩᠬᠡ ‍ᠶ᠋ᠢ ᠪᠡᠶ᠎ᠡ ᠲᠠᠭᠠᠭᠠᠨ ᠲᠥᠷᠥ ‍ᠶ᠋ᠢᠨ ᠡᠷᠬᠡ ᠪᠠᠷᠢᠬᠤ ᠨᠥᠬᠥᠴᠡᠯ ‍ᠢ ᠪᠦᠷᠢᠯᠲᠦᠭᠦᠯᠪᠡ ᠃ ᠮᠠᠨᠳᠤᠬᠠᠢ ᠴᠢᠩᠭᠢᠰ ᠬᠠᠭᠠᠨ ‍ᠤ ᠠᠯᠲᠠᠨ ᠤᠷᠤᠭ ‍ᠢ ᠲᠡᠭᠡᠲᠦᠯᠡᠨ ᠪᠦᠬᠦ ᠮᠣᠩᠭᠣᠯ ‍ᠢ ᠶᠡᠬᠡ ᠬᠠᠭᠠᠨ ‍ᠤ ᠵᠠᠬᠢᠷᠭᠠᠨ ‍ᠲᠤ ᠨᠢᠭᠡᠤᠠᠬᠡᠬᠦ ‍ᠳᠦ ᠦᠨᠡᠯᠡᠵᠦ ᠪᠠᠷᠠᠰᠢ ᠦᠭᠡᠢ ᠬᠤᠪᠢ ᠨᠡᠮᠡᠷᠢ ᠣᠷᠣᠭᠤᠯᠵᠠᠢ ᠃ ᠲᠡᠶ᠋ᠢᠮᠦ ᠎ᠡᠴᠡ ᠲᠡᠷᠡ ᠲᠥᠴᠢᠨ ᠲᠥᠷᠪᠡᠨ ᠬᠣᠶᠠᠷ ‍ᠤᠨ ᠮᠣᠩᠭᠣᠯ ᠤᠯᠤᠰ ‍ᠤᠨ ᠬᠠᠲᠤᠳ ‍ᠤᠨ ᠲᠣᠲᠣᠷ᠎ᠠ ᠠ᠋ᠴᠠ ᠣᠨᠴᠠᠭᠠᠶ᠋ᠢᠯᠠᠨ ᠰᠢᠯᠭᠠᠷᠠᠭᠰᠠᠨ ᠲᠡᠲᠦᠢ ᠦᠭᠡᠢ ᠮᠣᠩᠭᠣᠯ ‍ᠤᠨ ᠲᠡᠦᠬᠡᠨ ᠳ᠋ᠡᠬᠢ ᠬᠠᠮᠤᠭ ‍ᠤᠨ ᠠᠯᠲᠠᠷᠲᠠᠢ ᠬᠠᠲᠤᠳ ‍ᠤᠨ ᠨᠢᠭᠡ ᠪᠣᠯᠤᠭᠰᠠᠨ ᠪᠢᠯᠡ ᠃
 ᠮᠠᠨᠳᠤᠬᠠᠢ ᠪᠠᠲᠤᠮᠦᠢ᠍ᠩᠬᠡ ᠬᠣᠶᠠᠷ ‍ᠤᠨ ᠲᠤᠮᠲᠠ ᠠ᠋ᠴᠠ ᠲᠦᠷᠦᠪᠤᠯᠤᠳ ᠤᠯᠤᠰᠪᠤᠯᠤᠳ ᠬᠣᠶᠠᠷ ᠢᠬᠡᠷ᠎ᠡ ᠂ ᠪᠠᠷᠰᠪᠤᠯᠤᠳ ᠲᠥᠷᠥᠯᠲᠦ ᠭᠦᠩᠵᠦ ᠬᠣᠶᠠᠷ ᠢᠬᠡᠷ᠎ᠡ ᠂ ᠠᠷᠰᠪᠤᠯᠤᠳ ᠸᠴᠢᠷᠪᠤᠯᠤᠳ ᠠᠯᠴᠤᠪᠤᠯᠤᠳ ᠬᠣᠶᠠᠷ ᠢᠬᠡᠷ᠎ᠡ ᠂ ᠠᠷᠤᠪᠤᠯᠤᠳ ᠭᠡᠰᠡᠨ ᠲᠣᠯᠣᠭᠠᠨ ᠬᠦᠦ ᠨᠢᠭᠡ ᠦᠬᠢᠨ ᠲᠦᠷᠦᠵᠡᠢ ᠃
 ᠲᠠᠶ᠋ᠢᠯᠪᠤᠷᠢ ᠃ ᠤᠶᠠᠩᠭᠠᠯᠠᠭᠴᠢ ᠠ᠋ᠴᠠ ᠮᠢᠩᠭ᠎ᠠ ᠲᠥᠷᠪᠡᠨ ᠵᠠᠭᠤ ᠨᠠᠶᠠ ᠶᠢᠰᠦᠨ ᠣᠨ ‍ᠤ ᠦᠶ᠎ᠡ ‍ᠲᠦ ᠮᠠᠨᠳᠤᠬᠠᠢ ᠪᠠᠲᠤᠮᠦᠢ᠍ᠩᠬᠡ ᠨᠠᠷ ᠣᠶ᠋ᠢᠷᠠᠳ ᠎ᠲᠠᠢ ᠲᠠᠬᠢᠨ ᠲᠤᠯᠤᠯᠲᠤᠭᠰᠠᠨ ᠭᠡᠰᠡᠨ ᠴᠠᠭ ᠦᠶ᠎ᠡ ‍ᠶ᠋ᠢ ᠮᠢᠩᠭ᠎ᠠ ᠶᠢᠰᠦᠨ ᠵᠠᠭᠤ ᠨᠠᠶᠠ ᠶᠢᠰᠦᠨ ᠣᠨ ‍ ᠭᠡᠵᠦ ᠪᠤᠷᠤᠭᠤ ᠤᠶᠠᠩᠭᠠᠯᠠᠭᠰᠠᠨ ᠪᠠᠶ᠋ᠢᠨ᠎ᠠ ᠃ ᠦᠵᠡᠬᠦ ᠮᠡᠷᠭᠡᠳ ᠯᠠᠪᠲᠠᠭᠤᠯᠬᠤ ᠪᠣᠯᠪᠠᠤ !