ᠨᠤᠲᠤᠭ ‍ᠢᠶ᠋ᠠᠨ ᠰᠠᠨᠠᠭᠰᠠᠨ ᠪᠦᠰᠡᠭᠦᠢ-ᠲ ᠣᠰᠬᠠᠨᠪᠠᠶᠠᠷНутаг иан санасан бүсгүй-т усгаанбаяр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ ‍ᠢᠶ᠋ᠠᠨ ᠰᠠᠨᠠᠭᠰᠠᠨ ᠪᠦᠰᠡᠭᠦᠢ-ᠲ ᠣᠰᠬᠠᠨᠪᠠᠶᠠᠷНутаг иан санасан бүсгүй-т усгаанбаяр

ᠨᠤᠲᠤᠭ ‍ᠢᠶ᠋ᠠᠨ ᠰᠠᠨᠠᠭᠰᠠᠨ ᠪᠦᠰᠡᠭᠦᠢ-ᠲ ᠣᠰᠬᠠᠨᠪᠠᠶᠠᠷНутаг иан санасан бүсгүй-т усгаанбаяр

ᠠᠩᠭᠢᠯᠠᠯ:ᠳᠠᠭᠤᠤ ᠬᠥᠭᠵᠢᠮ
2022-11-28

316

ᠨᠤᠲᠤᠭ ‍ᠢᠶ᠋ᠠᠨ ᠰᠠᠨᠠᠭᠰᠠᠨ ᠪᠦᠰᠡᠭᠦᠢ

       ᠦᠭᠡ ᠄  ᠪᠠᠲᠤᠴᠡᠴᠡᠭ
       ᠠᠶ᠎ᠠ ᠄ ᠪ ᠪᠢᠮᠪᠠᠴᠢᠯᠠᠭᠤᠨ
       ᠳᠠᠭᠤᠴᠢᠨ ᠄ ᠲ ᠣᠰᠬᠠᠨᠪᠠᠶᠠᠷ

ᠤᠨᠠᠭᠠᠨ ᠨᠤᠲᠤᠭ ‍ᠢᠶ᠋ᠠᠨ ᠰᠠᠨᠠᠨ ᠵᠡᠭᠦᠳᠦᠯᠡᠯ᠎ᠡ ᠪᠢ
ᠤᠷᠲᠤ ‍ᠶ᠋ᠢᠨ ᠳᠠᠭᠤᠨ ‍ᠳᠤ ᠎ᠪᠠᠨ ᠤᠶᠠᠷᠠᠨ ᠪᠢᠰᠢᠷᠡᠯ᠎ᠡ ᠪᠢ
ᠡᠵᠢ ‍ᠶ᠋ᠢᠨ ‍ᠢᠶ᠋ᠡᠨ ᠬᠠᠶ᠋ᠢᠷ᠎ᠠ ‍ᠶ᠋ᠢ ᠰᠠᠨᠠᠨ ᠮᠡᠯᠮᠡᠷᠡᠯ᠎ᠡ
ᠡᠷᠭᠢᠬᠦ ᠬᠣᠷᠸ᠋᠎ᠠ ‍ᠶ᠋ᠢᠨ ᠴᠠᠭ ‍ᠢ ᠤᠬᠤᠷᠢᠭᠠᠨ ᠳᠤᠷᠠᠰᠤᠯ᠎ᠠ
ᠪᠦᠰᠡᠭᠦᠢ ᠪᠢ ᠴᠢᠨᠢ
ᠨᠤᠲᠤᠭ ‍ᠢᠶ᠋ᠡᠨ ᠰᠠᠨᠠᠵᠡᠢ ᠪᠢ ᠰᠦ᠋ ᠎ᠪᠡᠨ ᠡᠷᠭᠦᠶ᠎ᠡ
ᠨᠢᠯᠪᠤᠰᠤ ᠎ᠪᠠᠨ ᠲᠡᠪᠴᠢᠶ᠎ᠡ ᠪᠢ ᠳᠠᠭᠤᠤ ᠎ᠪᠠᠨ ᠡᠷᠭᠦᠶ᠎ᠡ

ᠵᠡᠷᠭᠡᠯᠭᠡᠨᠲᠦ ᠲᠠᠯ᠎ᠠ ᠎ᠪᠠᠨ ᠰᠠᠨᠠᠨ ᠵᠡᠭᠦᠳᠦᠯᠡᠯ᠎ᠡ ᠪᠢ
ᠵᠡᠭᠡᠷ᠎ᠡ ‍ᠶ᠋ᠢᠨ ᠰᠦᠷᠦᠭ ‍ᠢᠶ᠋ᠡᠨ ᠰᠡᠳᠬᠢᠯ ᠎ᠳ᠋ᠦ᠍ ᠎ᠪᠡᠨ ᠪᠢ ᠬᠠᠷᠠᠯ᠎ᠠ
ᠠᠪᠤ ‍ᠶ᠋ᠢᠨ ‍ᠢᠶ᠋ᠡᠨ ᠬᠠᠶ᠋ᠢᠷ᠎ᠠ ‍ᠶ᠋ᠢ ᠰᠠᠨᠠᠨ ᠮᠡᠯᠮᠡᠷᠡᠯ᠎ᠡ
ᠠᠯᠠᠭ ᠬᠣᠷᠸ᠋᠎ᠠ ‍ᠶ᠋ᠢᠨ ᠵᠢᠮ᠎ᠡ  ᠶᠢ ᠤᠬᠠᠭᠠᠷᠠᠵᠤ ᠲᠠᠶ᠋ᠢᠳᠬᠤᠷᠠᠯ᠎ᠠ
ᠪᠦᠰᠡᠭᠦᠢ ᠪᠢ ᠴᠢᠨᠢ
ᠨᠤᠲᠤᠭ ‍ᠢᠶ᠋ᠡᠨ ᠰᠠᠨᠠᠵᠡᠢ ᠪᠢ ᠰᠦ᠋ ᠎ᠪᠡᠨ ᠡᠷᠭᠦᠶ᠎ᠡ
ᠨᠢᠯᠪᠤᠰᠤ ᠎ᠪᠠᠨ ᠲᠡᠪᠴᠢᠶ᠎ᠡ ᠪᠢ ᠳᠠᠭᠤᠤ ᠎ᠪᠠᠨ ᠡᠷᠭᠦᠶ᠎ᠡ

ᠭᠠᠩᠭ᠎ᠠ ‍ᠶ᠋ᠢᠨ ᠨᠠᠭᠤᠷ ‍ᠢᠶ᠋ᠠᠨ ᠰᠠᠨᠠᠨ ᠵᠡᠭᠦᠳᠦᠯᠡᠯ᠎ᠡ ᠪᠢ
ᠭᠠᠩᠭᠠᠨᠠᠬᠤ ᠰᠢᠪᠠᠭᠤᠳ ‍ᠢᠶ᠋ᠠᠨ ᠰᠡᠳᠬᠢᠯ ᠎ᠳ᠋ᠦ᠍ ᠎ᠪᠡᠨ ᠪᠢ ᠬᠠᠷᠠᠯ᠎ᠠ
ᠨᠤᠲᠤᠭ ‍ᠤᠨ ‍ᠢᠶ᠋ᠠᠨ ᠰᠠᠶ᠋ᠢᠬᠠᠨ ‍ᠢ ᠰᠠᠨᠠᠨ ᠮᠡᠯᠮᠡᠷᠡᠯ᠎ᠡ
ᠨᠢᠭᠤᠴᠠᠬᠠᠨ ᠭᠣᠨᠢᠭᠰᠠᠨ ᠰᠡᠳᠬᠢᠯ ‍ᠢᠶ᠋ᠡᠨ ᠠᠷᠭᠠᠳᠠᠨ ᠨᠢᠯᠬᠠᠷᠠᠯ᠎ᠠ
ᠪᠦᠰᠡᠭᠦᠢ ᠪᠢ ᠴᠢᠨᠢ
ᠨᠤᠲᠤᠭ ‍ᠢᠶ᠋ᠡᠨ ᠰᠠᠨᠠᠵᠡᠢ ᠪᠢ ᠰᠦ᠋ ᠎ᠪᠡᠨ ᠡᠷᠭᠦᠶ᠎ᠡ
ᠨᠢᠯᠪᠤᠰᠤ ᠎ᠪᠠᠨ ᠲᠡᠪᠴᠢᠶ᠎ᠡ ᠪᠢ ᠳᠠᠭᠤᠤ ᠎ᠪᠠᠨ ᠡᠷᠭᠦᠶ᠎ᠡ
ᠨᠤᠲᠤᠭ ‍ᠢᠶ᠋ᠡᠨ ᠰᠠᠨᠠᠵᠡᠢ ᠪᠢ ᠰᠦ᠋ ᠎ᠪᠡᠨ ᠡᠷᠭᠦᠶ᠎ᠡ
ᠨᠢᠯᠪᠤᠰᠤ ᠎ᠪᠠᠨ ᠲᠡᠪᠴᠢᠶ᠎ᠡ ᠪᠢ ᠳᠠᠭᠤᠤ ᠎ᠪᠠᠨ ᠡᠷᠭᠦᠶ᠎ᠡ
ᠪᠦᠰᠡᠭᠦᠢ ᠪᠢ ᠴᠢᠨᠢ