ᠱᠠᠭᠠᠵᠠᠭᠠᠢ ᠶᠢᠨ ᠶᠢᠰᠦᠨ ᠱᠠᠭᠰᠢᠷᠠᠭ᠎ᠠ- ᠪᠠᠶᠠᠨᠨᠠᠮᠤᠷШаазгайн есөн шагшраа-баяннэмр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠱᠠᠭᠠᠵᠠᠭᠠᠢ ᠶᠢᠨ ᠶᠢᠰᠦᠨ ᠱᠠᠭᠰᠢᠷᠠᠭ᠎ᠠ- ᠪᠠᠶᠠᠨᠨᠠᠮᠤᠷШаазгайн есөн шагшраа-баяннэмр

ᠱᠠᠭᠠᠵᠠᠭᠠᠢ ᠶᠢᠨ ᠶᠢᠰᠦᠨ ᠱᠠᠭᠰᠢᠷᠠᠭ᠎ᠠ- ᠪᠠᠶᠠᠨᠨᠠᠮᠤᠷШаазгайн есөн шагшраа-баяннэмр

ᠠᠩᠭᠢᠯᠠᠯ:ᠳᠠᠭᠤᠤ ᠬᠥᠭᠵᠢᠮ
2022-11-27

1280

ᠱᠠᠭᠠᠵᠠᠭᠠᠢ ᠵᠢᠨ ᠶᠢᠰᠦᠨ ᠱᠠᠭᠰᠢᠷᠠᠭ᠎ᠠ

   ᠦᠭᠡ ᠄ ᠵᠣᠷᠢᠭᠲᠤ

   ᠠᠶ᠎ᠠ ᠄ ᠡᠷᠳᠡᠨᠢᠵᠢᠷᠭᠠᠯ

   ᠳᠠᠭᠤᠴᠢᠨ ᠄ ᠪᠠᠶᠠᠨᠨᠠᠮᠤᠷ

ᠲᠤᠯᠤᠭᠠᠳ ‍ᠢᠶ᠋ᠠᠨ ᠬᠡᠭᠡᠯᠡᠨ ᠴᠢᠮᠡᠭᠰᠡᠨ
ᠲᠣᠬᠣᠢ ᠴᠠᠰᠤ᠎ᠲᠠᠢ ᠡᠪᠦᠯ ᠳ᠋ᠡ
ᠲᠣᠷᠭᠠᠨ ᠭᠠᠳᠠᠷ᠎ᠲᠠᠢ ᠳᠡᠪᠡᠯ ‍ᠢᠶ᠋ᠠᠨ
ᠬᠤᠷᠠᠭᠠᠨ ᠳ᠋ᠠᠭᠠᠨ ᠨᠡᠮᠨᠡᠭᠰᠡᠨ ᠨᠤᠲᠤᠭ ᠳ᠋ᠠ
ᠬᠥᠮᠦᠨ ‍ᠦ ᠴᠢᠨᠠᠷ ‍ᠢ ᠤᠷᠭᠤᠭᠤᠯᠤᠭᠰᠠᠨ
ᠬᠥᠳᠡᠭᠡᠨ ‍ᠦ ᠴᠡᠩᠭᠡᠭ ᠠᠭᠠᠷ ᠳ᠋ᠠ
ᠱᠠᠭᠠᠵᠠᠭᠠᠢ ‍ᠶ᠋ᠢᠨ ᠶᠢᠰᠦᠨ ᠱᠠᠭᠰᠢᠷᠠᠭ᠎ᠠ ᠎ᠪᠡᠷ
ᠰᠠᠷ᠎ᠠ ᠳ᠋ᠠᠭᠠᠨ ᠭᠠᠭᠴᠠᠬᠠᠨ ᠴᠤ᠌ ᠣᠴᠢᠮᠠᠷ ᠳ᠋ᠠ
ᠤᠬᠠᠭᠠᠨᠲᠤ ᠬᠥᠮᠦᠰ ‍ᠢ ᠲᠥᠷᠥᠭᠦᠯᠦᠭᠰᠡᠨ
ᠠᠭᠤᠵᠢᠮ ᠠᠮᠢᠰᠬᠤᠯᠲᠤ ᠨᠤᠲᠤᠭ ‍ᠤᠨ ᠮᠢᠨᠢ
ᠴᠡᠩᠬᠡᠷ ᠡᠭᠦᠯᠡᠰ ‍ᠦᠨ ᠳᠣᠣᠷ᠎ᠠ ᠠ᠋ᠴᠠ
ᠳᠦᠩᠭᠦᠷ ᠠᠭᠤᠯᠠᠰ ᠨᠢ ᠬᠠᠷᠠᠭᠳᠠᠭᠠᠳ ᠪᠠᠶ᠋ᠢᠨ᠎ᠠ
ᠬᠥᠮᠦᠨ ‍ᠦ ᠴᠢᠨᠠᠷ ‍ᠢ ᠤᠷᠭᠤᠭᠤᠯᠤᠭᠰᠠᠨ
ᠬᠥᠳᠡᠭᠡᠨ ‍ᠦ ᠴᠡᠩᠭᠡᠭ ᠠᠭᠠᠷ ᠳ᠋ᠠ
ᠱᠠᠭᠠᠵᠠᠭᠠᠢ ‍ᠶ᠋ᠢᠨ ᠶᠢᠰᠦᠨ ᠱᠠᠭᠰᠢᠷᠠᠭ᠎ᠠ ᠎ᠪᠡᠷ
ᠰᠠᠷ᠎ᠠ ᠳ᠋ᠠᠭᠠᠨ ᠭᠠᠭᠴᠠᠬᠠᠨ ᠴᠤ᠌ ᠣᠴᠢᠮᠠᠷ ᠳ᠋ᠠ
ᠡᠷᠳᠡᠨᠢ ‍ᠶ᠋ᠢᠨ ᠴᠡᠩᠬᠡᠷ ᠬᠣᠲᠠ ᠠ᠋ᠴᠠ
ᠳᠡᠪᠢᠭᠡᠳ ᠬᠥᠷᠬᠥ ᠦᠭᠡᠢ ᠬᠣᠯᠠ ᠯᠡ ᠪᠠᠶ᠋ᠢᠨ᠎ᠠ
ᠡᠪᠦᠭᠡᠳ ‍ᠦᠨ ᠨᠤᠲᠤᠭ ᠬᠥᠳᠡᠭᠡ ᠮᠢᠨᠢ
ᠳᠡᠭᠡᠪᠦᠷ ᠨᠠᠯᠠᠮᠠᠷ ᠣᠶ᠋ᠢᠷ᠎ᠠ ᠯᠡ ᠪᠠᠶ᠋ᠢᠨ᠎ᠠ
ᠬᠥᠮᠦᠨ ‍ᠦ ᠴᠢᠨᠠᠷ ‍ᠢ ᠤᠷᠭᠤᠭᠤᠯᠤᠭᠰᠠᠨ
ᠬᠥᠳᠡᠭᠡᠨ ‍ᠦ ᠴᠡᠩᠭᠡᠭ ᠠᠭᠠᠷ ᠳ᠋ᠠ
ᠱᠠᠭᠠᠵᠠᠭᠠᠢ ‍ᠶ᠋ᠢᠨ ᠶᠢᠰᠦᠨ ᠱᠠᠭᠰᠢᠷᠠᠭ᠎ᠠ ᠎ᠪᠡᠷ
ᠰᠠᠷ᠎ᠠ ᠳ᠋ᠠᠭᠠᠨ ᠭᠠᠭᠴᠠᠬᠠᠨ ᠴᠤ᠌ ᠣᠴᠢᠮᠠᠷ ᠳ᠋ᠠ