ᠳᠠᠨᠠᠪᠠᠯ- ᠳᠠᠢᠴᠢᠨ- ᠠᠷᠤᠤᠨ᠎ᠠданавал-дайчин-арууна ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠨᠠᠪᠠᠯ- ᠳᠠᠢᠴᠢᠨ- ᠠᠷᠤᠤᠨ᠎ᠠданавал-дайчин-арууна

ᠳᠠᠨᠠᠪᠠᠯ- ᠳᠠᠢᠴᠢᠨ- ᠠᠷᠤᠤᠨ᠎ᠠданавал-дайчин-арууна

ᠠᠩᠭᠢᠯᠠᠯ:ᠳᠠᠭᠤᠤ ᠬᠥᠭᠵᠢᠮ
2022-11-24

676

ᠳᠠᠨᠠᠪᠠᠯ

ᠳᠠᠢᠴᠢᠨ

ᠠᠷᠤᠤᠨ᠎ᠠ ᠳᠠᠭᠤᠯᠠᠨ᠎ᠠ

 

ᠦ᠋ ᠬᠤ᠌ ᠲᠦᠩ ᠱᠤ᠌ ᠮᠣᠳᠣ ᠴᠢᠨᠢ ᠳ᠋ᠠ
ᠦᠵᠢᠷᠡᠭᠡᠳ ᠤᠨᠠᠪᠠᠯ ᠠ᠋ ᠬᠥ
ᠥᠳᠥᠨ ᠵᠢᠭᠦᠷ ᠲᠡᠢ ᠢᠩᠭᠡᠷ ᠰᠢᠪᠠᠭᠤ ᠴᠢᠨᠢ
ᠬᠠᠮᠢᠭ᠎ᠠ ᠪᠠᠨ ᠰᠠᠭᠤᠭᠠᠳ ᠳᠣᠩᠭᠣᠳᠤᠶ᠎ᠠ ᠶᠠ ᠬᠥ
ᠦᠶᠡᠷᠬᠡᠵᠦ ᠰᠠᠨᠠᠭᠰᠠᠨ ᠳᠠᠨᠠᠪᠠᠯ ᠭᠡ ᠭᠡ
ᠦᠵᠤᠸᠠᠩ ᠤᠨ ᠴᠡᠷᠢᠭ ᠲᠦ ᠪᠡᠨ ᠮᠣᠷᠳᠠᠪᠠᠯ ᠠ᠋
ᠠ ᠬᠠ ᠬᠥ
ᠦᠯᠡᠳᠡᠭᠡᠳ ᠰᠠᠭᠤᠭᠰᠠᠨ ᠵᠢᠨ ᠰᠢᠶᠠᠩ ᠴᠢᠨᠢ
ᠬᠡᠨ ᠢ ᠪᠡᠨ ᠦᠵᠡᠭᠡᠳ ᠰᠠᠭᠤᠶ᠎ᠠ ᠶᠠ ᠬᠥ

ᠦ᠋ ᠬᠤ᠌ ᠲᠦᠩ ᠱᠤ᠌ ᠮᠣᠳᠣ ᠴᠢᠨᠢ
ᠦᠵᠢᠷᠡᠭᠡᠳ ᠤᠨᠠᠪᠠᠴᠤ ᠡ ᠬᠥ
ᠥᠳᠥᠨ ᠵᠢᠭᠦᠷ ᠲᠡᠢ ᠢᠩᠭᠡᠷ ᠰᠢᠪᠠᠭᠤ ᠴᠢᠨᠢ
ᠡᠷᠭᠢᠨ ᠳᠦ ᠰᠠᠭᠤᠭᠠᠳ ᠳᠣᠩᠭᠣᠳᠤᠨ᠎ᠠ ᠡ ᠬᠥ
ᠦᠶᠡᠷᠬᠡᠵᠦ ᠨᠠᠭᠠᠳᠤᠭᠰᠠᠨ ᠳᠠᠨᠠᠪᠠᠯ ᠭᠡ ᠭᠡ ᠴᠢᠨᠢ
ᠦᠵᠤᠸᠠᠩ ᠤᠨ ᠴᠡᠷᠢᠭ ᠲᠦ ᠪᠡᠨ ᠮᠣᠷᠳᠠᠪᠠᠴᠤ
ᠠ ᠬᠠ ᠬᠥ
ᠡᠷᠭᠢᠬᠦ ᠵᠢᠯ ᠦᠨ ᠭᠤᠷᠪᠠᠨ ᠰᠠᠷ᠎ᠠ ᠳᠤ ᠪᠠᠨ
ᠴᠢᠯᠥᠭᠡ᠎ᠪᠡᠨ ᠭᠤᠶᠤᠭᠠᠳ ᠢᠷᠡᠬᠦ ᠦᠭᠡᠢ ‍ᠦᠦ ᠳ᠋ᠡ ᠬᠥ

ᠬᠠᠶ᠋ᠢᠯᠠᠰᠤ ᠮᠠᠶ᠋ᠢᠯᠠᠰᠤ ᠮᠣᠳᠣ ᠴᠢᠨᠢ ᠳ᠋ᠠ
ᠬᠤᠪᠠᠬᠠᠶ᠋ᠢᠷᠠᠭᠠᠳ ᠤᠨᠠᠪᠠᠯ ᠠ᠋ ᠬᠥ
ᠬᠠᠶ᠋ᠢᠴᠢᠨ ᠵᠢᠭᠦᠷ ᠲᠡᠢ ᠢᠩᠭᠡᠷ ᠰᠢᠪᠠᠭᠤ ᠴᠢᠨᠢ
ᠬᠠᠮᠢᠭ᠎ᠠ ᠪᠠᠨ ᠰᠠᠭᠤᠭᠠᠳ ᠳᠣᠩᠭᠣᠳᠤᠶ᠎ᠠ ᠶᠠ ᠬᠥ
ᠬᠠᠶ᠋ᠢᠷᠠᠯᠠᠵᠤ ᠰᠠᠨᠠᠭᠰᠠᠨ ᠳᠠᠨᠠᠪᠠᠯ ᠭᠡ ᠭᠡ
ᠬᠠᠭᠠᠨ ᠤ ᠴᠡᠷᠢᠭ ᠲᠦ ᠪᠡᠨ ᠮᠣᠷᠳᠠᠪᠠᠯ ᠠ᠋ ᠬᠥ
ᠠ ᠬᠠ ᠬᠥ
ᠬᠣᠴᠣᠷᠤᠭᠠᠳ ᠰᠠᠭᠤᠭᠰᠠᠨ ᠵᠢᠨ ᠰᠢᠶᠠᠩ ᠴᠢᠨᠢ
ᠬᠡᠨ ᠢ ᠪᠡᠨ ᠬᠠᠷᠠᠭᠠᠳ ᠰᠠᠭᠤᠶ᠎ᠠ ᠶᠠ ᠬᠥ
ᠬᠠᠶ᠋ᠢᠯᠠᠰᠤ ᠮᠠᠶ᠋ᠢᠯᠠᠰᠤ ᠮᠣᠳᠣ ᠴᠢᠨᠢ ᠳ᠋ᠠ
ᠬᠤᠪᠠᠬᠠᠶ᠋ᠢᠷᠠᠭᠠᠳ ᠤᠨᠠᠪᠠᠴᠤ ᠬᠥ
ᠬᠠᠶ᠋ᠢᠴᠢᠨ ᠵᠢᠭᠦᠷ ᠲᠡᠢ ᠢᠩᠭᠡᠷ ᠰᠢᠪᠠᠭᠤ ᠴᠢᠨᠢ
ᠬᠠᠳᠠᠨ ᠤ ᠪᠠᠨ ᠳᠡᠭᠡᠷ᠎ᠡ ᠪᠡᠨ ᠳᠣᠩᠭᠣᠳᠤᠨ᠎ᠠ ᠡ ᠬᠥ
ᠬᠠᠶ᠋ᠢᠷᠠᠯᠠᠵᠤ ᠰᠠᠨᠠᠭᠰᠠᠨ ᠳᠠᠨᠠᠪᠠᠯ ᠭᠡ ᠭᠡ ᠴᠢᠨᠢ
ᠬᠠᠭᠠᠨ ᠤ ᠴᠡᠷᠢᠭ ᠲᠦ ᠪᠡᠨ ᠮᠣᠷᠳᠠᠪᠠᠴᠤ ᠡ
ᠠ ᠬᠠ ᠬᠥ
ᠬᠣᠶ᠋ᠢᠲᠤᠨ ᠵᠢᠯ ᠦᠨ ᠭᠤᠷᠪᠠᠨ ᠰᠠᠷ᠎ᠠ ᠳᠤ ᠪᠠᠨ
ᠴᠢᠯᠥᠭᠡ ᠪᠡᠨ ᠭᠤᠶᠤᠭᠠᠳ ᠢᠷᠡᠬᠦ ᠦᠭᠡᠢ ᠦᠦ ᠳ᠋ᠡ ᠬᠥ
ᠠ ᠬᠠ ᠬᠥ
ᠬᠣᠢᠲᠤᠨ ᠵᠢᠯ ᠦᠨ ᠭᠤᠷᠪᠠᠨ ᠰᠠᠷ᠎ᠠ ᠳᠤ ᠪᠠᠨ
ᠴᠢᠯᠥᠭᠡ ᠪᠡᠨ ᠭᠤᠶᠤᠭᠠᠳ ᠢᠷᠡᠬᠦ ᠦᠭᠡᠢ ᠦᠦ ᠳ᠋ᠡ ᠬᠥ