ᠮᠣᠩᠭᠣᠯ ᠠᠳᠤᠭᠤМонгол адуу ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠠᠳᠤᠭᠤМонгол адуу

ᠮᠣᠩᠭᠣᠯ ᠠᠳᠤᠭᠤМонгол адуу

ᠠᠩᠭᠢᠯᠠᠯ:ᠳᠠᠭᠤᠤ ᠬᠥᠭᠵᠢᠮ
2022-11-23

422

ᠮᠣᠩᠭᠣᠯ ᠠᠳᠤᠭᠤ


          ᠦᠭᠡ ᠄ ᠶ · ᠪᠠᠶᠠᠷᠮᠠᠩᠨᠠᠢ  
      ᠠᠶ᠎ᠠ ᠄ ᠶ · ᠪᠠᠶᠠᠷᠮᠠᠩᠨᠠᠢ
      ᠳᠠᠭᠤᠴᠢᠨ ᠄  ᠡᠩᠭᠡᠡᠷᠳᠡᠨᠢ

 ᠪᠠᠭᠠᠪᠤᠷ ᠪᠠᠭᠠᠪᠤᠷ ᠡᠮᠡᠭᠡᠯ ‍ᠦᠨ
 ᠵᠢᠵᠢᠦ ᠮᠥᠩᠭᠥᠨ ᠳᠥᠷᠦᠭᠡᠨ ᠳᠡᠭᠡᠷ᠎ᠡ 
 ᠪᠣᠰᠤᠭ᠎ᠠ ᠮᠣᠩᠭᠣᠯ ᠡᠷᠡᠴᠦᠳ ‍ᠦᠨ
 ᠪᠠᠬᠠᠷᠬᠠᠨ ᠬᠠᠶ᠋ᠢᠷᠠᠯᠠᠬᠤ ᠬᠦᠯᠦᠭ ᠮᠢᠨᠢ ᠳ᠋ᠠ 
 ᠴᠣᠷᠪᠣ ᠴᠢᠳᠤᠷ ᠎ᠲᠤ᠌ ᠨᠣᠮᠣᠬᠠᠷᠠᠭ᠎ᠠ ᠦᠭᠡᠢ
 ᠴᠣᠪᠣᠭᠣ ᠬᠡᠶ᠋ᠢᠮᠣᠷᠢ ᠲᠠᠢ ᠮᠣᠩᠭᠣᠯ ᠠᠳᠤᠭᠤ ᠴᠣᠷᠭᠢᠨ
 ᠢᠨᠴᠠᠭᠠᠵᠤ ᠴᠣᠶ᠋ᠢᠯᠠᠨ ᠬᠤᠷᠳᠤᠯᠠᠭᠠᠳ
 ᠴᠣᠭᠭᠢᠭᠠᠳ ᠲᠠᠯ᠎ᠠ ᠎ᠪᠠᠷ ᠭᠦᠶᠦᠭᠡᠳ ᠢᠷᠡᠯ᠎ᠡ ᠳ᠋ᠠ

 ᠬᠠᠳᠠ ᠎ᠲᠠᠢ ᠮᠥᠩᠭᠥᠨ ᠬᠠᠵᠠᠭᠠᠷ ‍ ‍ᠤᠨ
 ᠬᠡᠷᠡᠭᠰᠡᠨ ᠰᠤᠷ ‍ᠤᠨ ᠵᠢᠯᠤᠭᠤᠨ ᠳᠡᠭᠡᠷ᠎ᠡ
 ᠬᠠᠯᠬ᠎ᠠ ‍ᠶ᠋ᠢᠨ ᠰᠠᠶ᠋ᠢᠨ ᠡᠷᠡᠴᠦᠳ ‍ᠤᠨ
 ᠬᠠᠩᠭᠠᠯ ᠬᠤᠷᠳᠤᠨ ᠬᠦᠯᠦᠭ ᠮᠢᠨᠢ ᠳ᠋ᠠ
 ᠴᠣᠷᠪᠣ ᠴᠢᠳᠤᠷ ᠎ᠲᠤ᠌ ᠨᠣᠮᠣᠬᠠᠷᠠᠭ᠎ᠠ ᠦᠭᠡᠢ
 ᠴᠣᠪᠣᠭᠣ ᠬᠡᠶ᠋ᠢᠮᠣᠷᠢ ᠎ᠲᠠᠢ ᠮᠣᠩᠭᠣᠯ ᠠᠳᠤᠭᠤ
 ᠴᠣᠷᠭᠢᠨ ᠢᠨᠴᠠᠭᠠᠵᠤ ᠴᠣᠶ᠋ᠢᠯᠠᠨ ᠬᠤᠷᠳᠤᠯᠠᠭᠠᠳ
 ᠴᠣᠭᠬᠢᠭᠠᠳ ᠲᠠᠯ᠎ᠠ ᠎ᠪᠠᠷ  ᠭᠦᠶᠦᠭᠡᠳ ᠢᠷᠡᠯ᠎ᠡ

 ᠰᠢᠯᠢ ‍ᠶ᠋ᠢᠨ ᠪᠣᠭᠳᠠ ᠳᠠᠷᠢᠭᠠᠩᠭ᠎ᠠ ‍ ‍ᠶ᠋ᠢᠨ
 ᠰᠢᠷᠭᠠᠯ ᠠᠭᠤᠳᠠᠮ ᠲᠠᠯ᠎ᠠ ᠳᠡᠭᠡᠭᠦᠷ   
 ᠱᠤᠤᠭᠢᠭᠤᠯᠵᠤ ᠶᠠᠪᠤᠭᠰᠠᠨ ᠡᠷᠡᠴᠦᠳ ‍ᠦᠨ  
 ᠰᠢᠨᠳᠠᠰᠤᠲᠤ ᠬᠦᠯᠦᠭ ᠮᠢᠨᠢ ᠳ᠋ᠠ
 ᠴᠣᠷᠪᠣ ᠴᠢᠳᠤᠷ ᠎ᠲᠤ᠌ ᠨᠣᠮᠣᠬᠠᠷᠠᠭ᠎ᠠ ᠦᠭᠡᠢ   
 ᠴᠣᠪᠣᠭᠣ ᠬᠡᠶ᠋ᠢᠮᠣᠷᠢ ᠲᠠᠢ ᠮᠣᠩᠭᠣᠯ ᠠᠳᠤᠭᠤ
 ᠴᠣᠷᠭᠢᠨ ᠢᠨᠴᠠᠭᠠᠵᠤ ᠴᠣᠶ᠋ᠢᠯᠠᠨ ᠬᠤᠷᠳᠤᠯᠠᠭᠠᠳ
 ᠴᠣᠭᠬᠢᠭᠠᠳ ᠲᠠᠯ᠎ᠠ ᠎ᠪᠠᠷ ᠭᠦᠶᠦᠭᠡᠳ ᠢᠷᠡᠯ᠎ᠡ

              ᠦᠰᠦᠭ ᠠᠮᠢᠯᠠᠭᠤᠯᠤᠭᠰᠠᠨ ᠨᠢ ᠄
                              ᠴ · ᠤᠷᠨᠨᠴᠡᠴᠡᠭ