ᠬᠥᠭᠡᠷᠦᠬᠦᠢ ᠠᠪᠤ Хөөрхий аав
ᠬᠥᠭᠡᠷᠦᠬᠦᠢ ᠠᠪᠤ Хөөрхий аав
ᠨᠠᠢ᠍ᠮᠠᠨ ᠬᠠᠨ᠎ᠠ ᠲᠠᠢ
ᠮᠣᠩᠭᠣᠯ ᠭᠡᠷ ᠲᠦ ᠪᠡᠨ
ᠨᠠᠮ᠎ᠠ ᠶᠢ ᠪᠡᠨ ᠨᠠᠭᠠᠳᠤᠭᠤᠯᠤᠨ ᠥᠰᠬᠡᠭᠰᠡᠨ ᠠᠪᠤ ᠮᠢᠨᠢ
ᠰᠢᠷᠭ᠎ᠠ ᠮᠣᠷᠢᠨ ᠤ᠋ ᠬᠤᠷ ᠳᠡᠯ ᠢ᠋ ᠢᠯᠪᠢᠨ ᠵᠣᠭᠰᠣᠭᠰᠠᠭᠠᠷ
ᠰᠠᠨᠠᠵᠤ ᠬᠣᠢᠨ᠎ᠠ ᠠᠴᠠ ᠮᠢᠨᠢ ᠬᠠᠷᠠᠭ᠎ᠠ ᠤᠤ ᠬᠥᠭᠡᠷᠦᠬᠦᠢ ᠠᠪᠤ ᠮᠢᠨᠢ

ᠳᠤᠯᠠᠭᠠᠨ ᠰᠠᠶ᠋ᠢᠬᠠᠨ ᠬᠠᠯᠠᠭᠤᠨ ᠡᠪᠦᠷ ᠲᠦ ᠪᠡᠨ
ᠳᠤᠯᠠᠭᠠᠴᠠᠭᠤᠯᠵᠤ ᠥᠰᠬᠡᠭᠰᠡᠨ ᠠᠪᠤ ᠮᠢᠨᠢ
ᠠᠯᠢᠶ᠎ᠠ ᠬᠣᠩᠭᠣᠷ ᠦᠷ᠎ᠡ ᠪᠡᠨ ᠬᠠᠷᠢᠵᠤ ᠢᠷᠡᠬᠦ ᠶ᠋ᠢ
ᠠᠳᠤᠭᠤᠨ ᠤ᠋ ᠪᠡᠨ ᠪᠡᠯᠴᠢᠭᠡᠷ ᠡᠴᠡ ᠬᠠᠷᠠᠭ᠎ᠠ ᠤᠤ ᠬᠥᠭᠡᠷᠦᠬᠦᠢ ᠠᠪᠤ ᠮᠢᠨᠢ