ᠬᠤᠨᠳᠠᠭ᠎ᠠ- ᠪᠣᠷᠣᠬᠦᠦ ᠶ᠋ᠢᠨ ᠠᠨᠠᠷХундага-борхүүгийн анар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠨᠳᠠᠭ᠎ᠠ- ᠪᠣᠷᠣᠬᠦᠦ ᠶ᠋ᠢᠨ ᠠᠨᠠᠷХундага-борхүүгийн анар

ᠬᠤᠨᠳᠠᠭ᠎ᠠ- ᠪᠣᠷᠣᠬᠦᠦ ᠶ᠋ᠢᠨ ᠠᠨᠠᠷХундага-борхүүгийн анар

ᠠᠩᠭᠢᠯᠠᠯ:ᠳᠠᠭᠤᠤ ᠬᠥᠭᠵᠢᠮ
2022-11-20

256

ᠬᠤᠨᠳᠠᠭ᠎ᠠ

ᠬᠤᠨᠳᠠᠭ᠎ᠠ

    ᠦᠭᠡ ᠄ ᠭᠣᠮᠪᠣ

    ᠠᠶ᠎ᠠ ᠄ ᠳᠣᠨᠳᠤᠪ

    ᠳᠠᠭᠤᠴᠢᠨ᠄  ᠪᠣᠷᠣᠬᠦᠦ ᠶ᠋ᠢᠨ ᠠᠨᠠᠷ

ᠨᠠᠷᠭᠢᠶᠠᠨ ᠬᠥᠭᠵᠢᠶᠡᠨ ᠨᠠᠶ᠋ᠢᠷ ‍ᠤᠨ ᠴᠢᠮᠡᠭ

ᠳᠠᠭᠤᠯᠠᠨ ᠰᠠᠭᠤᠬᠤ ᠨᠢ ᠪᠡᠶᠡᠰᠦᠯᠲᠡᠢ ᠳ᠋ᠠ ᠬᠦ᠋

ᠳᠣᠲᠣᠨᠣ ᠠᠶ᠋ᠢᠯᠴᠢᠨ ᠲᠠ ᠨᠠᠷ ᠎ᠲᠠᠢ ᠎ᠪᠠᠨ

ᠲᠣᠭᠲᠠᠭᠠᠨ ᠪᠠᠶ᠋ᠢᠵᠤ ᠯᠠ ᠨᠠᠶ᠋ᠢᠷᠠᠯᠳᠤᠶ᠎ᠠ ᠴᠡᠩᠭᠡᠯᠳᠦᠶ᠎ᠡ

 

ᠬᠥᠷ ᠬᠥᠭᠵᠢᠶᠡᠨ ᠨᠠᠶ᠋ᠢᠷ ‍ᠤᠨ ᠴᠢᠮᠡᠭ

ᠬᠥᠭᠰᠡᠨ ᠰᠠᠭᠤᠬᠤ ᠨᠢ ᠪᠡᠶᠡᠰᠦᠯᠲᠡᠢ ᠳ᠋ᠠ ᠬᠦ᠋

ᠬᠦᠨᠳᠦᠲᠦ ᠵᠣᠴᠢᠨ ᠲᠠ ᠨᠠᠷ ᠎ᠲᠠᠢ ᠎ᠪᠠᠨ

ᠬᠥᠨᠲᠥᠷᠦᠭᠦᠯᠦᠨ ᠪᠠᠶ᠋ᠢᠵᠤ ᠯᠠ ᠬᠥᠭᠡᠷᠦᠯᠳᠦᠶ᠎ᠡ ᠪᠠᠶᠠᠰᠤᠯᠴᠠᠶ᠎ᠠ

 

ᠠᠯᠲᠠᠨ ᠬᠤᠨᠳᠠᠭ᠎ᠠ ᠮᠥᠩᠭᠥᠨ ᠠᠶᠠᠭ᠎ᠠ

ᠠᠷᠢᠭᠤᠨ ᠰᠠᠷᠬᠤᠳ ‍ᠢᠶ᠋ᠠᠷ ᠪᠢᠯᠬᠠᠮ᠎ᠠ ᠪᠠᠶ᠋ᠢᠨ᠎ᠠ ᠬᠦ᠋

ᠠᠬ᠎ᠠ ᠳᠡᠭᠦᠦ ᠨᠠᠶ᠋ᠢᠵᠠ ᠯᠡ ᠲᠠ ᠨᠠᠷ ᠎ᠲᠠᠢ ᠎ᠪᠠᠨ

ᠠᠮᠲᠠᠯᠠᠩᠬᠠᠨ ᠪᠠᠶ᠋ᠢᠵᠤ ᠯᠠ ᠨᠠᠷᠭᠢᠯᠳᠤᠶ᠎ᠠ ᠳᠠᠭᠤᠯᠠᠯᠳᠤᠶ᠎ᠠ

 

ᠨᠠᠷᠭᠢᠶᠠᠨ ᠬᠥᠭᠵᠢᠶᠡᠨ ᠨᠠᠶ᠋ᠢᠷ ‍ᠤᠨ ᠴᠢᠮᠡᠭ

ᠳᠠᠭᠤᠯᠠᠨ ᠰᠠᠭᠤᠬᠤ ᠨᠢ ᠪᠡᠶᠡᠰᠦᠯᠲᠡᠢ ᠳ᠋ᠠ ᠬᠦ᠋

ᠳᠣᠲᠣᠨᠣ ᠠᠶ᠋ᠢᠯᠴᠢᠨ ᠲᠠ ᠨᠠᠷ ᠎ᠲᠠᠢ ᠎ᠪᠠᠨ

ᠲᠣᠭᠲᠠᠭᠠᠨ ᠪᠠᠶ᠋ᠢᠵᠤ ᠯᠠ ᠨᠠᠶ᠋ᠢᠷᠠᠯᠳᠤᠶ᠎ᠠ ᠴᠡᠩᠭᠡᠯᠳᠦᠶ᠎ᠡ