ᠨᠤᠲᠤᠭ ᠤᠨ ᠡᠪᠦᠯᠵᠢᠶ᠎ᠡ- ᠪᠣᠷᠣᠬᠦᠦ ᠶ᠋ᠢᠨ ᠠᠨᠠᠷНутгийн өвөлжөө-борхүүгийн Анар
ᠨᠤᠲᠤᠭ ᠤᠨ ᠡᠪᠦᠯᠵᠢᠶ᠎ᠡ- ᠪᠣᠷᠣᠬᠦᠦ ᠶ᠋ᠢᠨ ᠠᠨᠠᠷ
ᠦᠭᠡ ᠄ ᠳ ᠳᠣᠯᠣᠩ
ᠠᠶ᠎ᠠ ᠄ ᠥᠯᠵᠠᠢᠣ᠋ᠷᠣᠰᠢᠬᠤ
ᠳᠠᠭᠤᠴᠢᠨ ᠄ ᠠᠨᠠᠷ
ᠪᠣᠳᠣᠯ ᠤᠨ ᠮᠠᠨᠠᠨ ᠰᠠᠶ᠋ᠢᠷᠠᠭᠡᠳ ᠥᠦᠷ ᠦᠨ ᠭᠡᠭᠡ
ᠮᠠᠩᠬᠠᠶ᠋ᠢᠬᠰᠠᠨ
ᠪᠤᠶᠠᠨᠲᠤ ᠨᠤᠲᠤᠭ ᠤᠨ
ᠥᠷᠯᠥᠭᠡ ᠱᠠᠭᠠᠵᠠᠭᠠᠢ ᠱᠠᠭᠰᠢᠷᠠᠵᠤ ᠡᠬᠢᠯᠡᠭᠰᠡᠨ
ᠡᠩᠭᠡᠷ ᠭᠠᠵᠠᠷ ᠤᠨ
ᠮᠣᠳᠣᠳ ᠡᠬᠢᠨ ᠦ ᠴᠠᠰᠤᠨ ᠳᠤ ᠬᠤᠴᠢᠬᠳᠠᠭᠰᠠᠨ
ᠡᠵᠢ ᠶ᠋ᠢᠨ ᠮᠢᠨᠢ ᠴᠠᠢ
ᠡᠩ ᠦᠭᠡᠢ ᠰᠠᠨᠰᠠᠷ ᠲᠤ ᠳᠡᠭᠡᠵᠢᠯᠡᠭᠳᠡᠭᠰᠡᠨ
ᠨᠠᠷᠠᠨ
ᠬᠤᠷᠤᠶ᠋ᠢᠯᠠᠭᠰᠠᠨ ᠨᠤᠲᠤᠭ ᠤᠨ ᠡᠪᠦᠯᠵᠢᠶ᠎ᠡ
ᠨᠡᠷᠡᠲᠦ ᠳᠦ
ᠬᠣᠪᠣᠷᠬᠠᠨ ᠳᠤᠯᠠᠭᠠᠨ ᠡᠪᠦᠯᠵᠢᠶ᠎ᠡ
ᠡᠭᠡᠪᠦᠷ ᠭᠠᠵᠠᠷ ᠤᠨ
ᠤᠷᠭᠤᠮᠠᠯ ᠬᠠᠪᠤᠷ ᠤᠨ ᠤᠷᠢᠨ ᠢᠶ᠋ᠠᠷ ᠰᠣᠶᠣᠭᠠᠯᠠᠭᠰᠠᠨ
ᠡᠷᠲᠡ ᠶ᠋ᠢᠨ
ᠰᠠᠶ᠋ᠢᠬᠠᠨ ᠢ ᠢᠯᠪᠢᠭᠡᠳ ᠰᠠᠯᠬᠢ ᠨᠢ ᠵᠥᠭᠡᠯᠡᠨ ᠰᠡᠩᠭᠢᠨᠡᠭᠰᠡᠨ
ᠰᠦᠷᠦᠭᠯᠡᠨ ᠨᠢᠰᠳᠡᠭ
ᠪᠣᠯᠵᠣᠮᠣᠷ ᠤᠳ ᠨᠥᠮᠥᠷᠢ ᠳᠠᠭᠠᠨ ᠵᠢᠷᠭᠢᠯᠳᠦᠭᠰᠡᠨ
ᠰᠦᠮᠪᠦᠷ ᠬᠠᠶ᠋ᠢᠷᠬᠠᠨ
ᠳ᠋ᠠᠭᠠᠨ ᠰᠦ᠋ ᠪᠡᠨ ᠡᠷᠭᠦᠨ ᠰᠦᠵᠢᠷᠡᠭᠰᠡᠨ
ᠨᠠᠷᠠᠨ
ᠬᠤᠷᠤᠶ᠋ᠢᠯᠠᠭᠰᠠᠨ ᠨᠤᠲᠤᠭ ᠤᠨ ᠡᠪᠦᠯᠵᠢᠶ᠎ᠡ ᠨᠡᠷᠡᠲᠦ ᠳᠦ ᠬᠣᠪᠣᠷᠬᠠᠨ ᠳᠤᠯᠠᠭᠠᠨ ᠡᠪᠦᠯᠵᠢᠶ᠎ᠡ
ᠬᠣᠷᠸ᠋᠎ᠠ ᠠᠮᠤᠭᠤᠯᠠᠩ
ᠨᠠᠯᠠᠶ᠋ᠢᠭᠠᠳ ᠬᠤᠨ ᠴᠢᠭᠤᠯᠬᠤ ᠶ᠋ᠢ ᠬᠦᠯᠢᠶᠡᠭᠰᠡᠨ
ᠬᠤᠭᠤᠷ ᠤᠨ ᠠᠶᠠᠯᠭᠤᠲᠤ
ᠨᠤᠲᠤᠭ ᠲᠠᠭᠠᠨ ᠬᠣᠲᠠᠯᠠ ᠣᠯᠠᠨ ᠵᠢᠷᠭᠠᠭᠰᠠᠨ
ᠣᠨ ᠴᠠᠭ ᠤᠨ ᠤᠷᠲᠤ ᠶ᠋ᠢ
ᠦᠶ᠎ᠡ ᠳᠠᠮᠵᠢᠨ ᠲᠤᠭᠤᠯᠤᠭᠰᠠᠨ
ᠥᠭᠭᠦᠭᠡᠵᠢ ᠪᠠᠶᠠᠨ
ᠨᠤᠲᠤᠭ ᠤᠨ ᠡᠪᠦᠯ ᠦᠨ ᠵᠢᠪᠠᠷ ᠢ ᠥᠷᠭᠦᠭᠡᠭᠡᠳ
ᠨᠠᠷᠠᠨ
ᠬᠤᠷᠤᠶ᠋ᠢᠯᠠᠭᠰᠠᠨ ᠨᠤᠲᠤᠭ ᠤᠨ ᠡᠪᠦᠯᠵᠢᠶ᠎ᠡ
ᠨᠡᠷᠡᠲᠦ ᠳᠦ
ᠬᠣᠪᠣᠷᠬᠠᠨ ᠳᠤᠯᠠᠭᠠᠨ ᠡᠪᠦᠯᠵᠢᠶ᠎ᠡ
ᠥᠭᠭᠦᠭᠡᠵᠢ ᠪᠠᠶᠠᠨ
ᠨᠤᠲᠤᠭ ᠤᠨ ᠡᠪᠦᠯ ᠦᠨ ᠵᠢᠪᠠᠷ ᠢ ᠥᠷᠭᠦᠭᠡᠭᠡᠳ
ᠨᠠᠷᠠᠨ
ᠬᠤᠷᠤᠶ᠋ᠢᠯᠠᠭᠰᠠᠨ ᠨᠤᠲᠤᠭ ᠤᠨ ᠡᠪᠦᠯᠵᠢᠶ᠎ᠡ
ᠨᠡᠷᠡᠲᠦ ᠳᠦ
ᠬᠣᠪᠣᠷᠬᠠᠨ ᠳᠤᠯᠠᠭᠠᠨ ᠡᠪᠦᠯᠵᠢᠶ᠎ᠡ
ᠨᠡᠷᠡᠲᠦ ᠳᠦ
ᠬᠣᠪᠣᠷᠬᠠᠨ ᠳᠤᠯᠠᠭᠠᠨ ᠡᠪᠦᠯᠵᠢᠶ᠎ᠡ ᠃
