ᠡᠷᠲᠡ ᠴᠠᠭ ᠲᠦ ᠨᠠᠰᠤ ᠨᠢ ᠥᠨᠳᠥᠷ ᠪᠣᠯᠤᠭᠰᠠᠨ ᠪᠠᠷᠰ ᠬᠦᠦ ᠪᠡᠨ ᠳᠠᠭᠤᠳᠠᠵᠤ ᠄
《 ᠵᠠ ᠂ ᠬᠦᠦ ᠮᠢᠨᠢ ᠂ ᠬᠦᠴᠦᠨ ᠳᠦ ᠪᠡᠨ ᠡᠷᠳᠦᠵᠦ ᠬᠥᠮᠦᠨ ᠭᠡᠳᠡᠭ ᠠᠮᠢᠲᠠᠨ ᠳᠤ ᠯᠠ ᠪᠢᠲᠡᠭᠡᠢ ᠣᠶ᠋ᠢᠷᠠᠲᠤᠭᠠᠷᠠᠢ ᠳ᠋ᠠ! 》 ᠭᠡᠵᠦ ᠬᠡᠯᠡᠭᠡᠳ ᠠᠮᠢᠰᠬᠤᠯ ᠬᠤᠷᠢᠶᠠᠭᠰᠠᠨ ᠶᠤᠮ ᠰᠠᠨᠵᠠᠢ ᠃
ᠵᠠᠯᠠᠭᠤ ᠪᠠᠷᠰ 《 ᠬᠥᠮᠦᠨ ᠭᠡᠳᠡᠭ ᠠᠮᠢᠲᠠᠨ ᠶᠠᠮᠠᠷ ᠪᠣᠯᠤᠭᠠᠳ ᠣᠶ᠋ᠢᠷᠠᠳᠴᠤ ᠪᠣᠯᠳᠠᠭ ᠦᠭᠡᠢ ᠪᠢᠯᠡ ? ᠶᠡᠷᠦ ᠨᠢ ᠲᠡᠭᠦᠨ ᠲᠡᠢ ᠬᠦᠴᠦ ᠪᠡᠨ ᠨᠢᠭᠡ ᠦᠵᠡᠭᠡᠳ ᠠᠯᠳᠠᠬᠤ ᠶᠤᠮ ᠰᠠᠨ 》 ᠭᠡᠵᠦ ᠪᠣᠳᠣᠭᠠᠳ ᠬᠥᠮᠦᠨ ᠢ ᠡᠷᠢᠵᠦ ᠭᠡᠨ᠎ᠡ ᠃ ᠲᠡᠭᠡᠲᠡᠯ᠎ᠡ ᠵᠠᠮ ᠳᠤ ᠨᠢ ᠨᠢᠭᠡᠨ ᠪᠤᠬ᠎ᠠ ᠲᠠᠭᠠᠷᠠᠯᠳᠤᠵᠤ ᠭᠡᠨ᠎ᠡ ᠃
《 ᠴᠢ ᠬᠥᠮᠦᠨ ᠭᠡᠳᠡᠭ ᠠᠮᠢᠲᠠᠨ ᠮᠥᠨ ᠦᠦ ? 》 ᠭᠡᠵᠡᠢ ᠃
《 ᠪᠢ ᠬᠥᠮᠦᠨ ᠪᠢᠰᠢ ᠂ ᠪᠢ ᠪᠣᠯ ᠪᠤᠬ᠎ᠠ ᠪᠠᠶ᠋ᠢᠨ᠎ᠠ ᠃ 》
《 ᠠ ! ᠲᠡᠭᠡᠪᠡᠯ ᠴᠢ ᠬᠥᠮᠦᠨ ᠭᠡᠳᠡᠭ ᠠᠮᠢᠲᠠᠨ ᠢ ᠮᠡᠳᠡᠬᠦ ᠦᠦ ?》
《 ᠮᠡᠳᠡᠬᠦ ᠪᠡᠷ ᠪᠠᠷᠠᠬᠤ ᠦᠦ ! ᠪᠢ ᠴᠢᠨᠢ ᠬᠥᠮᠦᠨ ᠦ ᠵᠠᠷᠤᠴᠠ ᠨᠢ ᠪᠠᠶ᠋ᠢᠬᠤ ᠦᠭᠡᠢ ᠦᠦ ! ᠴᠢ ᠮᠢᠨᠦ ᠡᠨᠡ ᠬᠠᠮᠠᠷ ᠤᠨ ᠳᠥᠷᠦ ᠶ᠋ᠢ ᠬᠠᠷᠠᠵᠤ ᠪᠠᠶ᠋ᠢᠨ᠎ᠠ ᠤᠤ ? ᠨᠠᠮ᠎ᠠ ᠶ᠋ᠢ ᠢᠩᠭᠢᠵᠦ ᠳᠥᠷᠥᠯᠡᠭᠡᠳ ᠂ ᠬᠥᠲᠥᠯᠦᠭᠡᠳ ᠂ ᠪᠠᠰᠠ ᠲᠡᠷᠭᠡᠨ ᠳᠦ ᠬᠥᠯᠯᠡᠭᠡᠳ ᠳᠡᠭᠡᠷ᠎ᠡ ᠮᠢᠨᠢ ᠤᠨᠤᠵᠤ ᠶᠠᠪᠤᠳᠠᠭ ᠶᠤᠮ ᠳ᠋ᠠ ᠂ ᠲᠡᠷᠡ ᠬᠥᠮᠦᠨ ᠴᠢᠨᠢ ! 》
《 ᠬᠦᠦᠭ ᠂ ᠲᠡᠭᠡᠪᠡᠯ ᠦᠨᠡᠬᠡᠷ ᠶᠡᠬᠡ ᠪᠢᠷ᠎ᠠ ᠲᠡᠩᠬᠡᠭᠡ ᠲᠡᠢ ᠠᠮᠢᠲᠠᠨ ᠪᠠᠶ᠋ᠢᠬᠤ ᠨᠢ ᠡ !》 ᠭᠡᠵᠦ ᠪᠠᠷᠰ ᠢ ᠠᠰᠠᠭᠤᠬᠤ ᠳᠤ ᠪᠤᠬ᠎ᠠ ᠄
《 ᠲᠡᠶ᠋ᠢᠮᠦ ᠴᠦ᠍ ᠪᠢᠰᠢ ᠯᠠ ᠳ᠋ᠠ᠂ ᠨᠠᠮ᠎ᠠ ᠶ᠋ᠢ ᠲᠣᠯᠣᠭᠠᠢ ᠪᠠᠨ ᠰᠡᠵᠢᠬᠦ ᠳᠦ ᠡᠪᠡᠷ ᠡᠴᠡ ᠮᠢᠨᠢ ᠵᠡᠭᠦᠭᠳᠡᠭᠡᠳ ᠡᠨᠳᠡ ᠲᠡᠨᠳᠡ ᠮᠢᠨᠢ ᠭᠠᠷᠴᠤ ᠪᠠᠶ᠋ᠢᠳᠠᠭ ᠶᠤᠮ ᠪᠢᠯᠡ ! 》
《 ᠲᠡᠶ᠋ᠢᠮᠦ ᠦᠦ ? ᠲᠡᠭᠡᠭᠡᠳ ᠶᠠᠮᠠᠷ ᠬᠠᠴᠢᠨ ᠶᠤᠮ ᠪᠤᠢ ?ᠡᠨᠡ ᠳᠠᠷᠯᠠᠭᠠᠷ ᠡᠪᠡᠷ ᠲᠡᠢ ᠂ ᠪᠦᠳᠦᠭᠦᠨ ᠴᠡᠭᠡᠵᠢ ᠲᠡᠢ ᠂ ᠲᠣᠮᠣ ᠪᠡᠶ᠎ᠡ ᠲᠡᠢ ᠠᠮᠢᠲᠠᠨ ᠢ ᠶᠠᠭᠠᠬᠢᠵᠤ ᠵᠠᠷᠤᠴᠠᠯᠠᠵᠤ ᠴᠢᠳᠠᠳᠠᠭ ᠶᠤᠮ ᠪᠣᠯ ? 》 ᠭᠡᠵᠦ ᠪᠣᠳᠣᠭᠠᠳ ᠴᠠᠭᠠᠰᠢ ᠶᠠᠪᠤᠵᠠᠢ ᠭᠡᠨ᠎ᠡ ᠃
ᠲᠡᠭᠡᠲᠡᠯ᠎ᠡ ᠨᠢᠭᠡ ᠪᠤᠤᠷ᠎ᠠ ᠲᠠᠭᠠᠷᠠᠯᠳᠤᠬᠤ ᠳᠤ ᠪᠠᠷᠰ ᠄
《 ᠵᠠ ᠂ ᠴᠢ ᠨᠥᠭᠦᠭᠡ ᠬᠥᠮᠦᠨ ᠭᠡᠳᠡᠭ ᠠᠮᠢᠲᠠᠨ ᠮᠥᠨ ᠦᠦ ? 》 ᠭᠡᠯᠡ ᠃
《 ᠪᠢ ᠬᠥᠮᠦᠨ ᠪᠢᠰᠢ ᠂ ᠪᠢ ᠪᠣᠯ ᠪᠤᠤᠷ᠎ᠠ ᠪᠠᠶ᠋ᠢᠨ᠎ᠠ ᠃ ᠢᠩᠭᠢᠬᠦ ᠳᠦ ᠲᠠ ᠬᠥᠮᠦᠨ ᠢᠶ᠋ᠡᠷ ᠶᠠᠭᠠᠬᠢᠬᠤ ᠨᠢ ᠪᠤᠢ ? 》 ᠭᠡᠵᠦ ᠠᠰᠠᠭᠤᠵᠠᠢ ᠃
《 ᠠ ᠂ ᠪᠢ ᠬᠥᠮᠦᠨ ᠲᠡᠢ ᠬᠦᠴᠦ ᠪᠡᠨ ᠦᠵᠡᠯᠴᠡᠬᠦ ᠭᠡᠰᠡᠨ ᠶᠤᠮ ᠡ 》
《 ᠡ ᠂ ᠪᠠᠷᠰ ᠮᠢᠨᠢ ᠳ᠋ᠠ ᠂ ᠪᠠᠷᠰ ᠮᠢᠨᠢ ! ᠬᠥᠮᠦᠨ ᠭᠡᠳᠡᠭ ᠴᠢᠨᠢ ᠡᠨᠡ ᠳᠡᠯᠡᠬᠡᠢ ᠳᠦ ᠬᠠᠮᠤᠭ ᠤᠨ ᠬᠦᠴᠦ ᠲᠡᠢ ᠠᠮᠢᠲᠠᠨ ᠰᠢᠦ ᠳ᠋ᠡ ᠃ ᠳᠡᠮᠡᠢ ᠪᠢᠵᠡ ᠳ᠋ᠡ ? 》
《 ᠲᠡᠭᠡᠪᠡᠯ ᠠᠰᠤᠷᠤ ᠲᠣᠮᠣ ᠠᠮᠢᠲᠠᠨ ᠪᠠᠶ᠋ᠢᠬᠤ ᠨᠢ ᠦᠦ ? 》
《 ᠦᠭᠡᠢ᠂ ᠦᠭᠡᠢ! ᠵᠢᠭᠠᠬᠠᠨ ᠠᠮᠢᠲᠠᠨ᠂ ᠪᠢ ᠲᠡᠷᠡ ᠬᠥᠮᠦᠨ ᠢ ᠴᠢᠨᠢ ᠳᠡᠭᠡᠷ᠎ᠡ ᠪᠡᠨ ᠮᠣᠷᠳᠠᠭᠤᠯᠬᠤ ᠭᠡᠵᠦ ᠰᠥᠭᠥᠳᠴᠦ ᠥᠭᠳᠡᠭ ᠶᠤᠮ ᠪᠠᠶ᠋ᠢᠬᠤ ᠦᠭᠡᠢ ᠦᠦ ? 》 ᠭᠡᠵᠦ ᠭᠡᠨ᠎ᠡ ᠃ ᠲᠡᠭᠡᠲᠡᠯ᠎ᠡ ᠪᠠᠷᠰ ᠄
《 ᠶᠠᠭᠤ ? ᠴᠢ ᠴᠢᠨᠢ ᠲᠡᠷᠡ ᠬᠥᠮᠦᠨ ᠭᠡᠳᠡᠭ ᠦᠨ ᠪᠠᠰᠠ ᠵᠠᠷᠤᠴᠠ ᠨᠢ ᠶᠤᠮ ᠤᠤ ? 》 ᠭᠡᠬᠦ ᠳᠦ
《 ᠲᠡᠭᠡᠯᠭᠦᠢ ᠶᠠᠭᠠᠬᠢᠬᠤᠪ ! ᠮᠢᠨᠦ ᠬᠠᠮᠠᠷ ᠤᠨ ᠪᠤᠶ᠋ᠢᠯᠠ ᠶ᠋ᠢ ᠬᠠᠷᠠᠵᠤ ᠪᠠᠶ᠋ᠢᠭ᠎ᠠ ᠪᠢᠵᠡ ᠳ᠋ᠡ ? ᠨᠠᠮ᠎ᠠ ᠶ᠋ᠢ ᠪᠤᠷᠠᠨᠲᠠᠭ ᠢᠶ᠋ᠠᠷ ᠵᠠᠯᠠᠵᠤ ᠬᠥᠮᠦᠨ ᠭᠡᠳᠡᠭ ᠠᠮᠢᠲᠠᠨ ᠴᠢᠨᠢ ᠤᠨᠤᠵᠤ ᠶᠠᠪᠤᠳᠠᠭ ᠶᠤᠮ ᠰᠢᠦ ᠳ᠋ᠡ! 》 ᠭᠡᠬᠦ ᠳᠦ ᠪᠠᠷᠰ ᠄
《 ᠦᠭᠡᠢ ᠂ ᠮᠥᠨ ᠬᠠᠴᠢᠨ ᠶᠤᠮ ᠳ᠋ᠠ ! 》 ᠭᠡᠵᠦ ᠪᠠᠷᠰ ᠢ ᠳᠠᠭᠤ ᠠᠯᠳᠠᠨ ᠭᠠᠩᠬᠤᠬᠤ ᠳᠤ ᠪᠤᠤᠷ᠎ᠠ ᠄
《 ᠬᠥᠮᠦᠨ ᠦ ᠬᠦᠴᠦ ᠴᠢᠳᠠᠯ ᠨᠢ ᠤᠬᠠᠭᠠᠨ ᠳᠤ ᠪᠠᠨ ᠯᠠ ᠪᠠᠶ᠋ᠢᠳᠠᠭ ᠶᠤᠮ ᠂ ᠲᠡᠶ᠋ᠢᠮᠦ ᠤᠬᠠᠭᠠᠨᠲᠠᠢ ᠠᠮᠢᠲᠠᠨ ᠬᠣᠪᠣᠷ ᠪᠢᠵᠡ ᠳ᠋ᠡ ! 》 ᠭᠡᠳ ᠪᠤᠤᠷ᠎ᠠ ᠶ᠋ᠢ ᠬᠡᠯᠡᠬᠦ ᠳᠦ ᠪᠠᠷᠰ ᠄
《 ᠬᠥᠮᠦᠨ ᠭᠡᠳᠡᠭ ᠠᠮᠢᠲᠠᠨ ᠴᠢᠨᠢ ᠲᠡᠭᠡᠭᠡᠳ ᠪᠢᠷ᠎ᠠ ᠲᠡᠩᠬᠡᠭᠡ ᠪᠠᠶ᠋ᠢᠬᠤ ᠦᠭᠡᠢ ᠂ ᠪᠡᠶ᠎ᠡ ᠪᠢᠯᠳᠠᠷ ᠪᠠᠭᠠᠲᠠᠢ ᠶ᠋ᠢ ᠪᠣᠳᠣᠬᠤ ᠳᠤ ᠠᠶᠤᠮᠠᠷ ᠠᠮᠢᠲᠠᠨ ᠴᠦ᠍ ᠶᠡᠷᠦ ᠨᠢ ᠪᠢᠰᠢ ᠶᠤᠮ ᠰᠢᠦ ᠳ᠋ᠡ ! ᠤᠬᠠᠭᠠᠨ ᠭᠡᠳᠡᠭ ᠨᠢ ᠶᠠᠭᠤ ᠪᠠᠶ᠋ᠢᠳᠠᠭ ᠶᠤᠮ ᠪᠣᠯ ᠳ᠋ᠠ ? ᠲᠡᠭᠡᠪᠡᠯ ᠤᠬᠠᠭᠠᠨ ᠢ ᠨᠢ ᠪᠤᠯᠢᠶᠠᠭᠠᠳ ᠠᠪᠴᠢᠬᠠᠬᠤ ᠶᠤᠮ ᠰᠠᠨ 》 ᠭᠡᠵᠦ ᠪᠣᠳᠣᠭᠰᠠᠭᠠᠷ ᠴᠠᠭᠠᠰᠢ ᠪᠠᠨ ᠶᠠᠪᠤᠵᠤ ᠭᠡᠨ᠎ᠡ ᠃
ᠢᠩᠭᠢᠭᠡᠳ ᠪᠠᠷᠰ ᠣᠢ ᠳᠣᠲᠣᠷ᠎ᠠ ᠴᠥᠬᠥᠷᠡᠩ ᠢᠶ᠋ᠡᠨ ᠪᠠᠷᠠᠲᠠᠯ᠎ᠠ ᠲᠡᠨᠦᠵᠦ ᠶᠠᠪᠤᠭᠰᠠᠭᠠᠷ ᠨᠢᠭᠡᠨ ᠲᠦᠯᠡᠭᠡᠴᠢᠨ ᠡᠷ᠎ᠡ ᠲᠡᠢ ᠲᠠᠭᠠᠷᠠᠯᠳᠤᠵᠠᠢ ᠭᠡᠨ᠎ᠡ ᠃
《 ᠬᠥᠮᠦᠨ ᠭᠡᠳᠡᠭ ᠠᠮᠢᠲᠠᠨ ᠬᠠᠮᠢᠭᠠᠭᠤᠷ ᠪᠠᠶ᠋ᠢᠳᠠᠭ ᠶᠤᠮ ᠪᠣᠯ ᠡ ? 》 ᠭᠡᠵᠦ ᠪᠠᠷᠰ ᠢ ᠠᠰᠠᠭᠤᠬᠤ ᠳᠤ ᠲᠦᠯᠡᠭᠡᠴᠢᠨ ᠄
《 ᠪᠢ ᠪᠠᠶ᠋ᠢᠨ᠎ᠠ ᠳ᠋ᠠ ! ᠲᠠ ᠶᠠᠭᠠᠬᠢᠬᠤ ᠨᠢ ᠪᠤᠢ? 》 ᠭᠡᠵᠦ ᠳᠣᠲᠣᠷ᠎ᠠ ᠪᠠᠨ ᠠᠶᠤᠭᠰᠠᠨ ᠪᠣᠯᠪᠠᠴᠤ ᠪᠠᠷᠳᠠᠮ ᠳᠦᠷᠢ ᠲᠡᠢ ᠪᠡᠷ ᠬᠡᠯᠡᠬᠦ ᠳᠦ
《 ᠶᠠᠭᠤ ? ᠬᠥᠮᠦᠨ ᠭᠡᠳᠡᠭ ᠴᠢᠨᠢ ᠲᠡᠭᠡᠭᠡᠳ ᠶᠡᠷᠦ ᠳᠦ ᠪᠡᠨ ᠯᠡ ᠡᠨᠡᠦᠬᠡᠨ ᠦᠦ ? 》 ᠭᠡᠵᠦ ᠳᠠᠭᠤ ᠠᠯᠳᠠᠭᠰᠠᠨ ᠢᠶ᠋ᠠᠨ 《 ᠠᠷᠠᠢ ᠰᠦᠷ ᠴᠦ᠍ ᠪᠠᠶ᠋ᠢᠬᠤ ᠦᠭᠡᠢ ᠂ ᠠᠷᠠᠴᠢᠭ᠎ᠠ ᠦᠭᠡᠢ ᠯᠠ ᠠᠮᠢᠲᠠᠨ ᠪᠠᠶ᠋ᠢᠨ᠎ᠠ ᠳ᠋ᠠ᠂ ᠭᠠᠭᠴᠠ ᠯᠠ ᠳᠡᠪᠰᠡᠬᠦ ᠳᠦ ᠪᠣᠯᠬᠤ ᠶᠤᠮ ᠪᠠᠶ᠋ᠢᠨ᠎ᠠ 》 ᠭᠡᠵᠦ ᠪᠣᠳᠣᠭᠠᠳ
《 ᠴᠢᠮ᠎ᠠ ᠳᠤ ᠲᠡᠭᠡᠭᠡᠳ ᠦᠵᠡᠭᠦᠯᠬᠦ ᠬᠦᠴᠦ ᠴᠢᠳᠠᠯ ᠭᠡᠭᠴᠢ ᠨᠢ ᠪᠠᠶ᠋ᠢᠳᠠᠭ ᠶᠤᠮ ᠤᠤ ? 》 ᠭᠡᠵᠦ ᠶᠡᠬᠡᠳᠡ ᠪᠠᠰᠤᠮᠵᠢᠯᠠᠵᠤ ᠭᠡᠨ᠎ᠡ ᠃ ᠲᠡᠭᠡᠬᠦ ᠳᠦ ᠬᠥᠮᠦᠨ ᠄
《 ᠪᠠᠷᠰ ᠭᠤᠸᠠᠢ ᠮᠢᠨᠢ ᠳ᠋ᠠ ᠂ ᠪᠠᠶ᠋ᠢᠯᠭᠦᠢ ᠶᠠᠭᠠᠬᠢᠬᠤᠪ ! ᠮᠢᠨᠦ ᠬᠦᠴᠦ ᠴᠢᠳᠠᠯ ᠴᠢᠨᠢ ᠤᠬᠠᠭᠠᠨ ᠳᠤ ᠪᠠᠨ ᠪᠠᠶ᠋ᠢᠳᠠᠭ ᠶᠤᠮ ᠰᠢᠦ ᠳ᠋ᠠ! 》 ᠭᠡᠰᠡᠨ ᠳᠦ ᠨᠥᠭᠦᠭᠡ ᠪᠠᠷᠰ ᠬᠥᠮᠦᠨ ᠡᠴᠡ ᠲᠡᠷᠡ ᠤᠬᠠᠭᠠᠨ ᠢ ᠨᠢ ᠠᠪᠤᠨ᠎ᠠ ᠭᠡᠵᠦ ᠪᠣᠳᠣᠵᠤ ᠪᠠᠶ᠋ᠢᠬᠰᠠᠨ ᠪᠣᠯᠬᠣᠷ
《 ᠵᠠ ᠂ ᠲᠡᠭᠡᠪᠡᠯ ᠲᠡᠷᠡ ᠤᠬᠠᠭᠠᠨ ᠢᠶ᠋ᠠᠨ ᠨᠠᠳᠠ ᠳᠤ ᠦᠵᠡᠭᠦᠯᠴᠢᠭᠡ ᠳ᠋ᠠ ! 》 ᠭᠡᠵᠡᠢ ᠃ ᠬᠥᠮᠦᠨ :
《 ᠪᠠᠷᠰ ᠭᠤᠸᠠᠢ ᠮᠢᠨᠢ ᠂ ᠪᠢ ᠲᠠᠨ ᠢ ᠡᠨᠳᠡ ᠤᠬᠠᠭᠠᠨ ᠦᠵᠡᠬᠦ ᠶᠤᠮ ᠭᠡᠵᠦ ᠶᠡᠷᠦ ᠡᠴᠡ ᠪᠡᠨ ᠰᠠᠨᠠᠭᠰᠠᠨ ᠦᠭᠡᠢ ᠶᠤᠮ ᠂ ᠲᠡᠭᠡᠭᠡᠳ ᠪᠢ ᠤᠬᠠᠭᠠᠨ ᠢᠶ᠋ᠠᠨ ᠭᠡᠷ ᠲᠦ ᠪᠡᠨ ᠣᠷᠬᠢᠭᠠᠳ ᠢᠷᠡᠴᠢᠬᠡᠭᠰᠡᠨ ᠶᠤᠮ ᠪᠠᠶ᠋ᠢᠬᠤ ᠦᠭᠡᠢ ᠦᠦ ! 》 ᠭᠡᠬᠦ ᠳᠦ ᠪᠠᠷᠰ ᠄
《 ᠵᠠ ᠂ ᠲᠡᠭᠡᠪᠡᠯ ᠲᠠᠨ ᠤ ᠳᠤ ᠣᠴᠢᠵᠤ ᠲᠡᠷᠡ ᠤᠬᠠᠭᠠᠨ ᠢ ᠴᠢᠨᠢ ᠦᠵᠡᠶ᠎ᠡ! 》 ᠭᠡᠵᠦ ᠠᠷᠬᠢᠷᠠᠨ ᠬᠡᠯᠡᠵᠡᠢ ᠭᠡᠨ᠎ᠡ ᠃
《 ᠪᠠᠷᠰ ᠭᠤᠸᠠᠢ ᠮᠢᠨᠢ ᠂ ᠪᠠᠷᠰ ᠭᠤᠸᠠᠢ ᠮᠢᠨᠢ ᠂ ᠲᠠ ᠨᠠᠮ᠎ᠠ ᠶ᠋ᠢ ᠳᠠᠭᠠᠵᠤ ᠮᠠᠨ ᠤ ᠬᠢ ᠤᠷᠤᠭᠤ ᠣᠶ᠋ᠢᠷᠠᠳᠴᠤ ᠶᠡᠷᠦ ᠡᠴᠡ ᠪᠣᠯᠬᠤ ᠦᠭᠡᠢ ᠂ ᠮᠠᠨ ᠤ ᠬᠣᠲᠠᠴᠢ ᠨᠣᠬᠠᠢ ᠨᠤᠭᠤᠳ ᠲᠠᠨ ᠢ ᠬᠠᠷᠠᠩᠭᠤᠳᠠ ᠳᠠᠪᠬᠢᠵᠤ ᠢᠷᠡᠭᠡᠳ ᠠᠮᠢ ᠨᠠᠰᠤᠨ ᠳᠤ ᠴᠢᠨᠢ ᠠᠶᠤᠯ ᠪᠣᠯᠵᠤ ᠮᠡᠳᠡᠨ᠎ᠡ ᠃ ᠡᠨᠳᠡ ᠪᠡᠨ ᠬᠦᠯᠢᠶᠡᠭᠡᠳ ᠪᠠᠶ᠋ᠢᠵᠤ ᠪᠠᠶ᠋ᠢᠬᠰᠠᠨ ᠴᠢᠨᠢ ᠳᠡᠭᠡᠷ᠎ᠡ ᠳ᠋ᠠ ! 》 ᠭᠡᠵᠦ ᠭᠡᠨ᠎ᠡ ᠃ ᠪᠠᠷᠰ ᠲᠡᠨᠳᠡ ᠪᠡᠨ ᠬᠣᠴᠣᠷᠬᠤ ᠪᠣᠯᠬᠤ ᠳᠤ ᠲᠦᠯᠡᠭᠡᠴᠢᠨ ᠬᠡᠳᠦ ᠠᠯᠬᠤᠭᠰᠠᠨ ᠢᠶ᠋ᠠᠨ ᠲᠡᠭᠡᠨᠡᠭᠡᠯᠵᠡᠵᠦ ᠵᠣᠭᠰᠣᠭᠠᠳ ᠄
《 ᠪᠢ ᠶᠡᠷᠦ ᠡᠴᠡ ᠪᠡᠨ ᠠᠶᠤᠭᠠᠳ ᠪᠠᠶ᠋ᠢᠨ᠎ᠠ! 》 ᠭᠡᠵᠦ ᠭᠡᠨ᠎ᠡ ᠃ ᠪᠠᠷᠰ ᠄
《 ᠶᠠᠭᠤᠨ ᠠ᠋ᠴᠠ ᠠᠶᠤᠭ᠎ᠠ ᠪᠤᠢ ? 》 ᠭᠡᠬᠦ ᠳᠦ ᠬᠥᠮᠦᠨ ᠄
《 ᠲᠠᠨ ᠢ ᠠᠷᠤ ᠠ᠋ᠴᠠ ᠮᠢᠨᠢ ᠪᠠᠷᠢᠭᠠᠳ ᠠᠪᠬᠤ ᠪᠣᠯᠪᠠ ᠤᠤ! ᠭᠡᠵᠦ ᠠᠶᠤᠭᠠᠳ ᠪᠠᠶ᠋ᠢᠨ᠎ᠠ! 》 ᠭᠡᠰᠡᠨ ᠳᠦ ᠪᠠᠷᠰ《 ᠬᠥᠮᠦᠨ ᠭᠡᠳᠡᠭ ᠴᠢᠨᠢ ᠡᠶ᠋ᠢᠮᠦ ᠠᠶᠤᠮᠠᠬᠠᠢ ᠪᠠᠶ᠋ᠢᠵᠤ ᠶᠠᠭᠠᠬᠢᠵᠤ ᠬᠦᠴᠦ ᠴᠢᠳᠠᠯ ᠲᠠᠢ ᠪᠠᠶ᠋ᠢᠬᠤᠪ ᠳ᠋ᠠ 》 ᠭᠡᠵᠦ ᠳᠣᠲᠣᠷ᠎ᠠ ᠨᠢ ᠢᠨᠢᠶᠡᠳᠦ ᠬᠦᠷᠴᠦ ᠪᠣᠳᠣᠭᠠᠳ ᠄
《 ᠵᠠ᠂ ᠵᠠ᠂ ᠲᠡᠭᠡᠲᠡᠯ᠎ᠡ ᠠᠶᠤᠭᠠᠳ ᠪᠠᠶ᠋ᠢᠭ᠎ᠠ ᠶᠤᠮ ᠪᠣᠯ ᠨᠠᠮ᠎ᠠ ᠶ᠋ᠢ ᠡᠨᠡ ᠮᠣᠳᠣᠨ ᠠ᠋ᠴᠠ ᠤᠶᠠᠭᠠᠳ ᠶᠠᠪᠤ ᠯᠡ ᠳ᠋ᠡ ! 》 ᠭᠡᠵᠦ ᠭᠡᠨ᠎ᠡ ᠃ ᠲᠦᠯᠡᠭᠡᠴᠢᠨ ᠪᠠᠷᠰ ᠢ ᠪᠦᠰᠡ ᠪᠡᠷ ᠮᠣᠳᠣ ᠲᠠᠢ ᠰᠠᠶ᠋ᠢᠨ ᠭᠡᠭᠴᠢ ᠨᠢ ᠪᠠᠷᠢᠵᠤ ᠬᠦᠯᠢᠭᠡᠳ ᠄
《 ᠵᠠ᠂ ᠪᠠᠷᠰ ᠭᠤᠸᠠᠢ ᠮᠢᠨᠢ ᠂ ᠪᠢ ᠶᠠᠪᠤᠭᠠᠳ ᠴᠡᠴᠡᠨ ᠤᠬᠠᠭᠠᠨ ᠢᠶ᠋ᠠᠨ ᠠᠪᠤᠭᠠᠳ ᠢᠷᠡᠶ᠎ᠡ ᠂ ᠬᠠᠷᠢᠨ ᠲᠠ ᠲᠦᠷ ᠬᠦᠯᠢᠶᠡᠵᠦ ᠪᠠᠶ᠋ᠢᠭᠠᠷᠠᠢ ! 》 ᠭᠡᠳ ᠶᠠᠪᠤᠵᠠᠢ ᠭᠡᠨ᠎ᠡ ᠃ ᠠᠰᠤᠷᠤ ᠤᠳᠠᠯ ᠦᠭᠡᠢ ᠮᠣᠳᠣᠨ ᠤ ᠬᠠᠲᠠᠭᠰᠠᠨ ᠮᠥᠴᠢᠷ ᠲᠡᠪᠡᠷᠢᠵᠦ ᠠᠪᠴᠢᠷᠠᠭᠠᠳ ᠪᠠᠷᠰ ᠤᠨ ᠬᠠᠵᠠᠭᠤ ᠪᠠᠷ ᠣᠪᠣᠭᠠᠯᠠᠵᠤ ᠄
《 ᠵᠠ ᠂ ᠪᠠᠷᠰ ᠭᠤᠸᠠᠢ ᠮᠢᠨᠢ ᠂ ᠪᠢ ᠢᠩᠭᠢᠭᠡᠳ ᠤᠬᠠᠭᠠᠨ ᠢᠶ᠋ᠠᠨ ᠠᠪᠤᠭᠠᠳ ᠢᠷᠡᠯ᠎ᠡ ᠂ ᠲᠠ ᠦᠵᠡ ᠳ᠋ᠡ !》 ᠭᠡᠳ ᠬᠡᠲᠡ ᠴᠠᠬᠢᠭᠤᠷ ᠢᠶ᠋ᠠᠨ ᠴᠠᠬᠢᠵᠤ ᠣᠪᠣᠭᠠᠯᠠᠭᠰᠠᠨ ᠮᠣᠳᠣᠨ ᠳᠤ ᠪᠠᠨ ᠭᠠᠯ ᠲᠦᠯᠡᠭᠡᠳ ᠶᠠᠪᠤᠵᠤ ᠥᠭᠴᠡᠢ ᠃ ᠪᠠᠷᠰ ᠡᠨᠳᠡ ᠲᠡᠨᠳᠡ ᠡᠴᠡ ᠨᠢ ᠰᠢᠲᠠᠵᠤ ᠡᠬᠢᠯᠡᠬᠦ ᠳᠦ ᠥᠩᠭᠦᠯᠴᠡᠭ ᠢᠶ᠋ᠡᠨ ᠬᠠᠭᠠᠷᠠᠲᠠᠯ᠎ᠠ ᠠᠶᠤᠵᠤ ᠪᠠᠶ᠋ᠢᠲᠠᠯ᠎ᠠ ᠠᠰᠢᠭᠦᠢ ᠬᠦᠯᠢᠭᠰᠡᠨ ᠪᠦᠰᠡ ᠨᠢ ᠲᠦᠯᠡᠭᠳᠡᠵᠦ ᠰᠤᠯᠠᠷᠠᠭᠠᠳ ᠰᠡᠩᠳᠡ ᠮᠡᠩᠳᠡ ᠭᠠᠯ ᠳᠤᠮᠳᠠᠭᠤᠷ ᠳᠡᠭᠦᠯᠢᠨ ᠭᠠᠷᠴᠤ ᠠᠮᠢ ᠲᠡᠮᠡᠴᠡᠨ ᠵᠢᠭᠤᠲᠠᠵᠤ ᠣᠳᠴᠠᠢ ᠃
ᠢᠩᠭᠢᠵᠦ ᠪᠠᠷᠰ ᠬᠥᠮᠦᠨ ᠦ ᠴᠡᠴᠡᠨ ᠤᠬᠠᠭᠠᠨ ᠢ ᠦᠵᠡᠬᠦ ᠭᠡᠵᠦ ᠦᠰᠦ ᠪᠡᠨ ᠰᠢᠷᠠᠯᠠᠭᠠᠵᠤ ᠣᠭᠣᠴᠢᠨ ᠴᠣᠭᠣᠴᠢᠨ ᠲᠦᠯᠡᠭᠳᠡᠭᠡᠳ ᠬᠠᠷ᠎ᠠ ᠴᠣᠬᠣᠷ ᠪᠢᠳᠡᠷ ᠲᠡᠢ ᠪᠣᠯᠤᠭᠰᠠᠨ ᠶᠤᠮ ᠭᠡᠨ᠎ᠡ ᠪᠢᠯᠡ ᠃
Эрт цагт нас нь өндөр болсон бар хүүгээ дуудаж ᠄
“За , хүү минь , хүчиндээ эрдэж хүн гэдэг амьтанд л битгий ойрдоорой доо! ” гэж хэлээд амьсгал хураасан юм санжай.
Залуу бар“ хүн гэдэг амьтан ямар болоод ойртож болдоггүй билээ? ер нь түүнтэй хүчээ нэг үзээд алдах юмсан” гэж бодоод хүнийг эрж гэнэ. тэгтэл замд нь нэгэн бух тааралдаж гэнэ.
“Чи хүн гэдэг амьтан мөн үү?”гэжээ.
“Би хүн биш , би бол бух байна.”
“А. тэгвэл чи хүн гэдэг амьтныг мэдэх үү?”
“Мэдэхээр барах үү ! би чинь хүний зарц нь байхгүй юу︖ чи миний энэ хамрын төрийг харж байна уу? намыг ингэж төрлөөд , хөтлөөд , бас тэргэнд хөллөөд дээр минь унаж явдаг юм даа , тэр хүн чинь.”
“Хүүг , тэгвэл үнэхээр их бир тэнхээтэй амьтан байх нь ээ!” гэж барыг асуухад бух ᠄
“Тийм ч биш л да.намыг толгойгоо сэжихэд эврээс минь зүүгдээд энд тэнд минь гарч байдаг юм билээ !”
“Тийм үү ? тэгээд ямар хачин юм бэ ? энэ дарлагар эвэртэй , бүдүүн цээжтэй , том биетэй амьтныг яаж зарцалж чаддаг юм бол”гэж бодоод цааш явж гэнэ.
Тэгтэл нэг буур тааралдахад бар᠄
“За , чи нөгөө хүн гэдэг амьтан мөн үү?” гэвэл
“Би хүн биш , би бол буур байна. ингэхэд та хүнээр яах нь вэ?”гэж асуужай.
“Аа , би хүнтэй хүчээ үзэлцэх гэсэн юмаа”
“Ээ , бар минь дээ , бар минь ! хүн гэдэг чинь энэ дэлхийд хамгийн хүчтэй амьтан шүү дээ. дэмий биз дээ?”
“Тэгвэл асар том амьтан байх нь үү.”
“Үгүй , үгүй. жаахан амьтан , би тэр хүнийг чинь дээрээ мордуулах гэж сөгдөж өгдөг юм байхгүй юу?” гэж гэнэ. тэгтэл бар ᠄
“Юу ? чи чинь тэр хүн гэдгийн бас зарц нь юм уу?” гэхэд
“Тэгэлгүй яахав ! миний хамрын буйлыг харж байгаа биз дээ? намыг бурантгаар залж хүн гэдэг амьтан чинь онож явдаг юм шүү дээ ”гэхэд бар ᠄
“Үгүй , мөн хачин юм даа ! ”гэж барыг дуу алдан ганхахад буур ᠄
“Хүний хүч чадал нь ухаандаа л байдаг юм. тийм ухаантай амьтан ховор биз дээ ”гээд буурыг хэлэхэд бар ᠄
“Хүн гэдэг амьтан чинь тэгээд бяр тэнхээ байхгүй , бие бялдар багатайг бодоход аймаар амьтан ч ер нь биш юм шүү дээ ! ухаан гэдэг нь юу байдаг юм бол доо ? тэгвэл ухааныг нь булаагаад авчхах юмсан ”гэж бодсоор цаашаа явж гэнэ.
Ингээд бар ой дотор цөхрөнгөө бартал тэнэж явсаар нэгэн түлээчин эртэй тааралдаж гэнэ.
“Хүн гэдэг амьтан хаагуур байдаг юм бол оо. ”гэж барыг асуухад түлээчин ᠄
“Би байна даа.та яах нь вэ? ”гэж дотроо айсан боловч бардам дүртэйгээр хэлэхэд
“Юу ? хүн гэдэг чинь тэгээд ердөө л энүүхэн үү? ”гэж дуу алдсанаа “арай сүр ч байхгүй , арчаагүй л амьтан байна доо , ганц л дэвсэхэд болох юм байна ”гэж бодоод
“Чамд тэгээд үзүүлэх хүч чадал гэгч нь байдаг юм уу? ”гэж ихэд басамжилж гэнэ. тэгэхэд хүн ᠄
“Бар гуай минь дээ , байлгүй яахав ! миний хүч чадал чинь ухаандаа байдаг юм шүү дээ ”гэсэнд нөгөө бар хүнээс тэр ухааныг нь авна гэж бодож байхсан болохоор
“За , тэгвэл тэр ухаанаа надад үзүүлчээ дэ! ”гэжээ. хүн :
“Бар гуай минь , би таныг энд ухаан үзэх юм гэж ерөөсөө санасангүй юм , тэгээд би ухаанаа гэртээ орхиод ирчихсэн юм байхгүй юу! ”гэхэд бар᠄
“За , тэгвэл танайд очиж тэр ухааныг чинь үзье ”гэж архиран хэлж гэнэ.
“Бар гуай минь , бар гуай минь , та намыг дагаж манайх руу ойртож ерөөс болохгүй , манай хоточ нохойнууд таныг харангуут давхиж ирээд амь насанд чинь аюул болж мэднэ. эндээ хүлээгээд байж байхсан чинь дээр дээ!”гэж гэнэ. бар тэндээ хоцрох болоход түлээчин хэт алхсанаа тээнэгэлзэж зогсоод ᠄
“Би ерөөсөө айгаад байна”гэж гэнэ. бар᠄
“Юунаас айгаа вэ? ”гэхэд хүн ᠄
“Таныг араас минь бариад авах болов уу! гэж айгаад байна ”гэсэнд бар“хүн гэдэг чинь ийм аймхай байж яаж хүч чадалтай байхав дэ”гэж дотор нь инээд хүрч бодоод ᠄
“За , за , тэгтэл айгаад байгаа юм бол намыг энэ модноос уяад яв л дээ.”гэж гэнэ. түлээчин барыг бүсээр модтой сайн гэгч нь барьж хүлээд ᠄
“За , бар гуай минь , би яваад цэцэн ухаанаа аваад ирье , харин та түр хүлээж байгаарай ! ”гээд явж гэнэ. асар удалгүй модны хатсан мөчир тэвэрч авчраад барын хажуугаар овоолж ᠄
“За , бар гуай минь , би ингээд ухаанаа аваад ирлээ , та үз дээ!” гээд хэд цахиураа цахиж овоолсон модондоо гал түлээд явж өгчээ. бар энд тэнд ээс нь шатаж эхлэхэд өнгөлцгөө хагартал айж байтал ашгүй хүлсэн бүс нь түлэгдэж сулраад санд мэнд гал дундуур дүүлэн гарч амь тэмцэн зугтаж оджээ.
Ингэж бар хүний цэцэн ухааныг үзэх гэж үсээ шарлааж оочин цоочин түлэгдээд хар цоохор бидэртэй болсон юм гэнэ билээ.