ᠭᠡᠷ  ᠲᠦ  ᠪᠡᠨ ᠢᠷᠡᠯ᠎ᠡГэртээ ирлээ1 ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠷ  ᠲᠦ  ᠪᠡᠨ ᠢᠷᠡᠯ᠎ᠡГэртээ ирлээ1

ᠭᠡᠷ  ᠲᠦ  ᠪᠡᠨ ᠢᠷᠡᠯ᠎ᠡГэртээ ирлээ1

ᠠᠩᠭᠢᠯᠠᠯ:ᠳᠠᠭᠤᠤ ᠬᠥᠭᠵᠢᠮ
2022-11-19

317

ᠭᠡᠷ ᠲᠦ ᠪᠡᠨ ᠢᠷᠡᠯ᠎ᠡ 

ᠳᠡᠯᠡᠬᠡᠢ ᠶᠢ ᠴᠢᠮᠡᠭᠰᠡᠨ ᠨᠤᠲᠤᠭ ‍ᠢᠶ᠋ᠠᠨ ᠳᠠᠭᠤᠯᠠᠭᠰᠠᠭᠠᠷ
ᠳᠡᠨᠵᠢ ᠭᠣᠶᠣᠭᠰᠠᠨ ᠭᠡᠷ ᠲᠦ ᠪᠡᠨ ᠢᠷᠡᠯ᠎ᠡ
ᠬᠠᠶ᠋ᠢᠷ᠎ᠠ ᠬᠡᠷᠡᠯᠳᠦᠭᠰᠡᠨ ᠬᠠᠨᠢ ᠪᠠᠨ ᠪᠣᠳᠣᠭᠰᠠᠭᠠᠷ
ᠬᠠᠯᠠᠭᠤ ᠲᠦᠬᠡᠭᠰᠡᠨ ᠭᠡᠷ ᠲᠦ ᠪᠡᠨ ᠢᠷᠡᠯ᠎ᠡ
ᠬᠣᠯᠠ ᠶ᠋ᠢᠨ ᠬᠣᠯᠠ ᠠᠴᠠ ᠰᠠᠨᠠᠨ ᠰᠠᠨᠠᠭᠰᠠᠭᠠᠷ
ᠬᠣᠨᠣᠭ ᠲᠣᠭᠠᠯᠠᠨ ᠶᠠᠭᠠᠷᠠᠭᠰᠠᠭᠠᠷ ᠢᠷᠡᠯ᠎ᠡ
ᠴᠣᠪᠣᠭᠣ᠌ ᠵᠢᠭᠠᠬᠠᠨ ᠦᠷᠡᠰ ‍ᠢᠶ᠋ᠠᠨ ᠳᠠᠭᠤᠳᠠᠭᠰᠠᠭᠠᠷ
ᠴᠣᠮᠴᠣᠶ᠋ᠢᠵᠤ ᠪᠥᠮᠪᠥᠶ᠋ᠢᠭᠰᠡᠨ ᠭᠡᠷ ᠲᠦ ᠪᠡᠨ ᠢᠷᠡᠯ᠎ᠡ
ᠢᠳᠡᠭᠡᠰᠢᠵᠦ ᠳᠠᠰᠤᠭᠰᠠᠨ ᠴᠠᠢ ᠪᠠᠨ ᠪᠣᠳᠣᠭᠰᠠᠭᠠᠷ
ᠢᠨᠢᠶᠡᠳᠦ ᠴᠠᠯᠭᠢᠯᠠᠭᠰᠠᠨ ᠭᠡᠷ ᠲᠦ ᠪᠡᠨ ᠢᠷᠡᠯ᠎ᠡ
ᠬᠣᠯᠠ ᠶ᠋ᠢᠨ ᠬᠣᠯᠠ ᠠᠴᠠ ᠰᠠᠨᠠᠨ ᠰᠠᠨᠠᠭᠰᠠᠭᠠᠷ
ᠬᠣᠨᠣᠭ ᠲᠣᠭᠠᠯᠠᠨ ᠶᠠᠭᠠᠷᠠᠭᠰᠠᠭᠠᠷ ᠢᠷᠡᠯ᠎ᠡ