ᠴᠡᠩᠬᠡᠷ ᠬᠠᠩᠭᠠᠢ ᠨᠤᠲᠤᠭ-ᠶᠣ᠊ ᠪᠠᠲᠤᠮᠥ᠋ᠩᠬᠡЦэнхэр хангай нутаг-Ё. Батмөнх ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠡᠩᠬᠡᠷ ᠬᠠᠩᠭᠠᠢ ᠨᠤᠲᠤᠭ-ᠶᠣ᠊ ᠪᠠᠲᠤᠮᠥ᠋ᠩᠬᠡЦэнхэр хангай нутаг-Ё. Батмөнх

ᠴᠡᠩᠬᠡᠷ ᠬᠠᠩᠭᠠᠢ ᠨᠤᠲᠤᠭ-ᠶᠣ᠊ ᠪᠠᠲᠤᠮᠥ᠋ᠩᠬᠡЦэнхэр хангай нутаг-Ё. Батмөнх

ᠠᠩᠭᠢᠯᠠᠯ:ᠳᠠᠭᠤᠤ ᠬᠥᠭᠵᠢᠮ
2023-11-19

1932

ᠴᠡᠩᠬᠡᠷ ᠬᠠᠩᠭᠠᠢ ᠨᠤᠲᠤᠭ

   ᠦᠭᠡ ᠄ ᠪ ᠂ ᠳᠥᠪᠰᠢᠨᠵᠢᠷᠭᠠᠯ
   ᠠᠶ᠎ᠠ ᠄ ᠳ ᠂ ᠭᠦᠩᠭᠠᠵᠠᠪ
   ᠳᠠᠭᠤᠴᠢᠨ ᠄ ᠶᠤᠨᠳᠤᠨ ‍ᠤ ᠪᠠᠳᠤᠮᠥ᠋ᠩᠬᠡ
ᠠᠭᠤᠯᠠ ᠡᠭᠦᠯᠡ ᠨᠢ ᠨᠡᠶ᠋ᠢᠯᠡᠨ ᠬᠠᠷᠠᠭᠳᠠᠬᠤ
ᠤᠮᠠᠷ᠎ᠠ ‍ᠶ᠋ᠢᠨ ᠴᠡᠩᠬᠡᠷ ᠬᠠᠩᠭᠠᠢ ᠮᠢᠨᠢ ᠡ ᠬᠦ᠋
ᠤᠨᠲᠠᠬᠤ ᠨᠤᠶ᠋ᠢᠷᠤᠨ ‍ᠳᠤ ᠦᠵᠡᠭᠳᠡᠭᠡᠳ ᠪᠠᠶ᠋ᠢᠳᠠᠭ
ᠤᠰᠤ ‍ᠶ᠋ᠢ ᠨᠢ ᠤᠤᠭᠤᠭᠰᠠᠨ ᠨᠤᠲᠤᠭ ᠮᠢᠨᠢ ᠠ᠋ ᠬᠦ᠋
ᠬᠠᠩᠭᠠᠢ ᠨᠠᠷᠠᠨ ᠬᠠᠨ ᠠᠪᠤ ᠮᠢᠨᠢ
ᠰᠦᠷᠦᠭ ‍ᠢᠶ᠋ᠡᠨ ᠬᠠᠷᠢᠭᠤᠯᠤᠭᠰᠠᠨ ᠨᠤᠲᠤᠭ ᠡ ᠬᠦ᠋
ᠬᠠᠯᠬ᠎ᠠ ‍ᠶ᠋ᠢᠨ ᠰᠠᠷᠠᠨ ᠭᠣᠤ᠎ᠡ ᠡᠵᠢ ᠮᠢᠨᠢ
ᠰᠥ᠋ ᠎ᠪᠡᠨ ᠡᠷᠭᠦᠭᠰᠡᠨ ᠨᠤᠲᠤᠭ ᠡ ᠬᠦ᠋
ᠮᠥᠷᠡᠨ ᠭᠣᠣᠯ ᠨᠢ ᠱᠤᠤᠭᠢᠨ ᠤᠷᠤᠰᠳᠠᠭ
ᠮᠥᠩᠬᠡ ‍ᠶ᠋ᠢᠨ ᠴᠡᠩᠬᠡᠷ ᠬᠠᠩᠭᠠᠢ ᠮᠢᠨᠢ ᠠ᠋ ᠬᠦ᠋
ᠮᠥᠷ ‍ᠢᠶ᠋ᠡᠨ ᠭᠠᠷᠭᠠᠵᠤ ᠲᠤᠭᠯᠠᠵᠤ ᠦᠰᠥᠭᠰᠡᠨ
ᠮᠥᠷᠥᠬᠡᠳᠦᠯ ᠪᠤᠯᠤᠭᠰᠠᠨ ᠨᠤᠲᠤᠭ ᠮᠢᠨᠢ ᠠ᠋ ᠬᠦ᠋
ᠬᠠᠩᠭᠠᠢ ᠨᠠᠷᠠᠨ ᠬᠠᠨ ᠠᠪᠤ ᠮᠢᠨᠢ
ᠰᠦᠷᠦᠭ ‍ᠢᠶ᠋ᠡᠨ ᠬᠠᠷᠢᠭᠤᠯᠤᠭᠰᠠᠨ ᠨᠤᠲᠤᠭ ᠡ ᠬᠦ᠋
ᠬᠠᠯᠬ᠎ᠠ ‍ᠶ᠋ᠢᠨ ᠰᠠᠷᠠᠨ ᠭᠣᠤ᠎ᠡ ᠡᠵᠢ ᠮᠢᠨᠢ
ᠰᠥ᠋ ‍ᠢᠶ᠋ᠡᠨ ᠡᠷᠭᠦᠭᠰᠡᠨ ᠨᠤᠲᠤᠭ ᠡ ᠬᠦ᠋
ᠬᠠᠳᠤᠯᠠᠩ ᠲᠠᠷᠢᠶ᠎ᠠ ᠬᠠᠯᠢᠭᠤᠷᠠᠨ ᠨᠠᠶ᠋ᠢᠭᠤᠭᠰᠠᠨ
ᠬᠠᠨᠠᠭᠠᠷ ᠪᠠᠶᠠᠨ ᠬᠠᠩᠭᠠᠢ ᠮᠢᠨᠢ ᠠ᠋ ᠬᠦ᠋
ᠬᠠᠮᠢᠭ᠎ᠠ ᠴᠤ᠌ ᠶᠠᠪᠤᠭᠰᠠᠨ ᠰᠡᠳᠬᠢᠯ ‍ᠳᠦ ᠬᠤᠨᠤᠭᠰᠢᠭᠠᠳ
ᠬᠠᠶ᠋ᠢᠷ᠎ᠠ ‍ᠶ᠋ᠢ ᠪᠤᠯᠢᠶᠠᠭᠰᠠᠨ ᠨᠤᠲᠤᠭ ᠮᠢᠨᠢ ᠠ᠋ ᠬᠦ᠋
ᠬᠠᠩᠭᠠᠢ ‍ᠶ᠋ᠢᠨ ᠨᠠᠷᠠᠨ ᠬᠠᠨ ᠠᠪᠤ ᠮᠢᠨᠢ
ᠰᠦᠷᠦᠭ ‍ᠢᠶ᠋ᠡᠨ ᠬᠠᠷᠢᠭᠤᠯᠤᠭᠰᠠᠨ ᠨᠤᠲᠤᠭ ᠡ ᠬᠦ᠋
ᠬᠠᠯᠬ᠎ᠠ ‍ᠶ᠋ᠢᠨ ᠰᠠᠷᠠᠨ ᠭᠣᠤ᠎ᠡ ᠡᠵᠢ ᠮᠢᠨᠢ
ᠰᠦ᠋ ᠎ᠪᠡᠨ ᠡᠷᠭᠦᠭᠰᠡᠨ ᠨᠤᠲᠤᠭ ᠡ ᠬᠦ᠋
ᠬᠠᠩᠭᠠᠢ ‍ᠶ᠋ᠢᠨ ᠨᠠᠷᠠᠨ ᠬᠠᠨ ᠠᠪᠤ ᠮᠢᠨᠢ
ᠰᠦᠷᠦᠭ ‍ᠢᠶ᠋ᠡᠨ ᠬᠠᠷᠢᠭᠤᠯᠤᠭᠰᠠᠨ ᠨᠤᠲᠤᠭ ᠡ ᠬᠦ᠋
ᠬᠠᠯᠬ᠎ᠠ ‍ᠶ᠋ᠢᠨ ᠰᠠᠷᠠᠨ ᠭᠣᠤ᠎ᠡ ᠡᠵᠢ ᠮᠢᠨᠢ
ᠰᠦ᠋ ᠎ᠪᠡᠨ ᠡᠷᠭᠦᠭᠰᠡᠨ ᠨᠤᠲᠤᠭ ᠡ ᠬᠦ᠋
ᠬᠠᠯᠬ᠎ᠠ ‍ᠶ᠋ᠢᠨ ᠰᠠᠷᠠᠨ ᠭᠣᠤ᠎ᠡ ᠡᠵᠢ ᠮᠢᠨᠢ
ᠰᠦ᠋ ᠎ᠪᠡᠨ ᠡᠷᠭᠦᠭᠰᠡᠨ ᠨᠤᠲᠤᠭ ᠡ ᠬᠦ᠋