ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠵᠡᠭᠦᠳᠦᠨ ᠦ᠌ ᠶᠢᠷᠲᠢᠨᠴᠦ ᠳ᠋ᠦ᠍ ᠪᠣᠳᠣᠯ ᠡᠷᠭᠢᠴᠡᠨ᠎ᠡ> Элсэнд булагдсан сувдаа – П.Оюунгэрэл <Зүүдний ертөнцөд бодол эргэцнэ>
ᠵᠡᠭᠦᠳᠦᠨ ᠦ᠌ ᠶᠢᠷᠲᠢᠨᠴᠦ ᠳ᠋ᠦ᠍ ᠪᠣᠳᠣᠯ ᠡᠷᠭᠢᠴᠡᠨ᠎ᠡ
ᠭᠠᠯᠲᠤ ᠲᠡᠷᠭᠡᠨ ᠦ᠌ ᠸᠠᠭᠣᠨ ᠳ᠋ᠤ᠌ ᠲᠠᠩᠳᠠ ᠵᠢᠰᠦ ᠪᠤᠷᠤᠭᠤ ᠬᠥᠮᠦᠰ ᠪᠠᠢᠬᠤ ᠶᠤᠮ᠃ ᠮᠠᠳᠠᠢ ᠰᠢᠭᠤᠳᠠᠢ᠂ ᠲᠣᠮᠣ ᠲᠣᠮᠣ ᠰᠦᠯᠢᠶᠣᠣ ᠤᠭᠤᠲᠠ ᠸᠠᠭᠣᠨ ᠳᠦᠭᠦᠷᠡᠩ ᠦᠷᠦᠭᠡᠰᠦᠲᠡᠢ᠃ ᠬᠥᠭᠡᠴᠦᠷᠡᠭᠰᠡᠨ ᠳᠣᠷᠰᠣᠭᠣᠷ ᠰᠢᠷ᠎ᠠ ᠰᠢᠲᠦ᠂ ᠥᠷᠪᠥᠭᠡᠷ ᠰᠡᠭᠰᠡᠭᠡᠷ ᠦᠰᠦ ᠰᠠᠬᠠᠯ ᠤᠬᠤᠷᠬᠠᠢ ᠳ᠋ᠠᠭᠠᠨ ᠰᠢᠷᠭᠢᠭᠰᠡᠨ ᠥᠯᠥᠨ ᠬᠤᠯᠴᠢᠭᠠᠷ ᠨᠢᠳᠦ ᠲᠡᠢ᠃ ᠴᠣᠬᠣᠮ ᠬᠥᠮᠦᠨ ᠴᠦ᠍ ᠶᠦᠮ ᠤᠤ ᠠᠯᠪᠢᠨ ᠰᠦᠭ ᠴᠦ᠍ ᠶᠦᠮ ᠤᠤ ᠪᠦᠦ ᠮᠡᠳᠡ᠃ ᠲᠡᠭᠡᠭᠡᠳ ᠪᠠᠰᠠ ᠰᠣᠩᠭᠢᠨ᠎ᠠ ᠰᠠᠷᠢᠮᠰᠠᠭ ᠤ᠋ᠨ᠂ ᠲᠠᠮᠠᠬᠢᠨ ᠤ᠋᠂ ᠬᠥᠯᠥᠰᠥ ᠬᠤᠩᠭᠤᠰᠤᠨ ᠤ᠋ ᠦᠨᠦᠷ ᠭᠡᠵᠦ ᠵᠢᠭᠲᠡᠢᠬᠡᠨ᠃ ᠳᠣᠲᠣᠷ᠎ᠠ ᠳᠤᠷ᠎ᠠ ᠪᠤᠯᠭᠢᠵᠤ ᠪᠥᠭᠡᠯᠵᠢᠰᠦ ᠬᠤᠳᠬᠤᠨ᠎ᠠ᠃
ᠲᠡᠭᠡᠪᠡᠴᠦ ᠶᠠᠭᠤᠨ ᠳ᠋ᠤ᠌ ᠴᠤ᠌ ᠶᠤᠮ ᠵᠣᠷᠢᠵᠤ ᠶᠠᠪᠤᠭ᠎ᠠ ᠪᠣᠯᠬᠣᠷ ᠲᠡᠰᠪᠦᠷᠢᠯᠡᠬᠦ ᠯᠡ ᠬᠡᠷᠡᠭ᠃
ᠭᠠᠯᠲᠤ ᠲᠡᠷᠭᠡ ᠤᠭᠤᠬᠢᠯᠠᠨ ᠳᠠᠪᠬᠢᠭᠰᠠᠭᠠᠷ᠃ ᠦᠷ ᠬᠠᠶᠠᠭᠠᠷᠠᠵᠤ ᠳᠣᠷᠣᠨᠠᠲᠤ ᠲᠡᠭᠷᠢ ᠶ᠋ᠢᠨ ᠬᠢᠵᠠᠭᠠᠷ ᠲᠤ᠌ ᠤᠯᠠᠪᠤᠷ ᠰᠢᠷᠭᠠᠯ ᠭᠡᠭᠡ ᠲᠠᠲᠠᠯ᠎ᠠ᠃ ᠡᠵᠡᠭᠦᠢ ᠬᠡᠭᠡᠷ᠎ᠡ ᠪᠡᠷ ᠶᠠᠪᠤᠵᠤ ᠪᠠᠢᠬᠤ ᠶᠤᠮ᠃ ᠴᠣᠬᠣᠮ ᠡᠪᠦᠯ ᠴᠦ᠍ ᠶᠦᠮ ᠤᠤ ? ᠵᠤᠨ ᠴᠤ᠌ ᠶᠤᠮ ᠤᠤ? ᠢᠯᠭᠠᠭ᠎ᠠ ᠨᠢ ᠣᠯᠳᠠᠬᠤ ᠦᠭᠡᠢ᠃ ᠬᠣᠵᠢᠭᠢᠷ ᠰᠢᠷᠠᠩᠭᠤᠢ ᠡᠯᠡᠰᠦ ᠮᠠᠩᠬ᠎ᠠ ᠤᠯᠠᠭᠠᠨ ᠬᠠᠯᠴᠠᠭᠠᠢ ᠬᠡᠭᠡᠷ᠎ᠡ ᠲᠠᠯ᠎ᠠ ᠦᠷᠭᠦᠯᠵᠢᠯᠡᠨ᠎ᠡ᠃
ᠡᠵᠡᠨ ᠦᠭᠡᠢ ᠬᠠᠶᠠᠭᠳᠠᠭᠰᠠᠨ ᠰᠤᠮᠤ ᠭᠠᠴᠠᠭᠠᠨ ᠤ᠋ ᠪᠠᠷᠢᠯᠭ᠎ᠠ ᠪᠣᠯᠤᠯᠲᠠᠢ᠂ ᠬᠠᠭᠤᠴᠢᠷᠠᠵᠤ ᠡᠪᠳᠡᠷᠡᠭᠰᠡᠨ ᠭᠡᠷ ᠪᠠᠢᠰᠢᠩ ᠤ᠋ᠳ ᠬᠠᠷᠠᠭᠳᠠᠨ᠎ᠠ᠃ ᠲᠡᠳᠡᠭᠡᠷ ᠪᠠᠷᠢᠯᠭ᠎ᠠ ᠶ᠋ᠢᠨ ᠳᠤᠮᠳᠠ ᠨᠡᠯᠢᠶᠡᠳ ᠬᠡᠳᠦᠨ ᠲᠣᠭᠣᠰᠬᠠᠨ ᠠᠰᠠᠷ ᠪᠠᠢᠵᠤ ᠬᠠᠵᠠᠭᠤᠳᠠᠬᠢ ᠥᠨᠳᠥᠷ ᠲᠣᠮᠣ ᠬᠤᠯᠠᠩ ᠠ᠋ᠴᠠ ᠥᠳᠬᠡᠨ ᠬᠠᠷ᠎ᠠ ᠤᠲᠤᠭ᠎ᠠ ᠪᠤᠷᠭᠢᠯᠤᠨ᠎ᠠ᠃ ᠲᠣᠭᠣᠰᠬ᠎ᠠ ᠰᠢᠲᠠᠭᠠᠳᠠᠭ ᠭᠠᠵᠠᠷ ᠪᠣᠯᠤᠯᠲᠠᠢ᠃
ᠪᠢ ᠤᠭ ᠨᠢ ᠡᠨᠡ ᠭᠠᠵᠠᠷ ᠲᠤ᠌ ᠢᠷᠡᠵᠦ ᠪᠠᠢᠭᠰᠠᠨ ᠴᠤ᠌ ᠰᠢᠭ᠋ ᠪᠣᠳᠣᠭᠳᠠᠨ᠎ᠠ᠃ ᠲᠡᠭᠡᠪᠡᠴᠦ ᠴᠣᠬᠣᠮ ᠶᠠᠮᠠᠷ ᠭᠠᠵᠠᠷ ᠪᠣᠯᠬᠤ ᠶ᠋ᠢ ᠪᠣᠳᠣᠵᠤ ᠣᠯᠬᠤ ᠦᠭᠡᠢ ᠶᠦᠮ᠃ ᠰᠡᠳᠬᠢᠯ ᠨᠢᠭᠡ ᠯᠡ ᠤᠢᠳᠬᠠᠷ ᠭᠤᠨᠢᠭ ᠲᠠᠢ᠂ ᠦᠭᠡᠢ ᠶᠡᠷᠦᠨᠢ ᠬᠠᠷᠠᠩᠭᠤᠢ ᠰᠥᠨᠢ ᠥᠨᠥᠴᠢᠨ ᠭᠠᠭᠴᠠᠭᠠᠷ ᠡᠢᠮᠦ ᠣᠯᠠᠨ 《ᠠᠯᠪᠢᠨ ᠰᠦᠭ》 ᠦ᠋ᠳ ᠲᠡᠢ ᠬᠠᠮᠢᠭ᠎ᠠ ᠶᠠᠭᠤᠨ ᠳ᠋ᠤ᠌ ᠶᠠᠪᠤᠭ᠎ᠠ ᠪᠢᠯᠡ ᠭᠡᠵᠦ ᠥᠪᠡᠷ ᠢ᠋ ᠪᠡᠨ ᠬᠠᠴᠢᠷᠬᠠᠨᠠ᠃
ᠪᠣᠳᠣᠪᠠᠯ ᠶᠠᠮᠠᠷ ᠨᠢᠭᠡ ᠥᠷᠲᠡᠭᠡᠨ ᠳ᠋ᠦ᠍ ᠬᠦᠷᠴᠢᠬᠡᠭᠰᠡᠨ ᠪᠣᠯᠤᠯᠲᠠᠢ᠃ ᠭᠠᠯᠲᠤ ᠲᠡᠷᠭᠡ ᠵᠣᠭᠰᠣᠵᠤ ᠨᠥᠭᠦᠭᠡ ᠮᠠᠳᠠᠢ ᠡᠭᠦᠷᠦᠭᠰᠡᠨ 《ᠠᠯᠪᠢᠨ》 ᠨᠤᠭᠤᠳ ᠪᠠᠭᠤᠵᠠᠭᠠᠵᠤ ᠴᠠᠷᠴᠠᠬᠠᠢ ᠶ᠋ᠢᠨ ᠰᠦᠷᠦᠭ ᠰᠢᠭ ᠨᠢᠭᠡ ᠲᠠᠰᠢ ᠪᠠᠨ ᠨᠥᠮᠥᠷᠦᠭᠡᠳ ᠬᠣᠷᠣᠮᠬᠠᠨ ᠵᠠᠭᠤᠷ᠎ᠠ ᠠᠯᠠᠭ᠎ᠠ ᠪᠣᠯᠪᠠ᠃
ᠪᠢ ᠭᠠᠭᠴᠠᠭᠠᠷ ᠬᠣᠴᠣᠷᠤᠭᠰᠠᠨ ᠪᠠᠢᠪᠠ᠃ ᠠᠢᠩᠭᠤᠷᠢ ᠲᠥᠷᠥᠵᠦ᠂ ᠵᠢᠷᠦᠬᠡ ᠲᠦᠭᠰᠢᠨ᠎ᠡ᠃ ᠭᠡᠨᠡᠳᠲᠡ ᠲᠡᠷᠡ ᠬᠣᠯᠠ ᠠᠨᠠᠪᠠᠳ ᠳᠠᠯᠠᠢ ᠶ᠋ᠢᠨ ᠳᠤᠮᠳᠠᠬᠢ ᠥᠨᠥᠴᠢᠨ ᠠᠷᠠᠯ ᠰᠢᠭ᠋ ᠴᠡᠩᠬᠡᠷ ᠤᠨᠢᠶᠠᠷ ᠲᠠᠲᠠᠭᠰᠠᠨ ᠬᠡᠰᠡᠭᠬᠡᠨ ᠨᠣᠭᠣᠭᠠᠨ ᠳᠡᠨᠵᠢ ᠬᠠᠷᠠᠭᠳᠠᠯ᠎ᠠ᠃ ᠮᠠᠩᠭᠢᠷ ᠳᠠᠭᠠᠨ᠎ᠠ ᠶ᠋ᠢᠨ ᠠᠩᠬᠢᠯᠤᠮ᠎ᠠ ᠦᠨᠦᠷ ᠰᠡᠩᠭᠢᠨᠡᠵᠦ ᠵᠤᠰᠠᠯᠠᠩ ᠤ᠋ᠨ ᠰᠡᠷᠢᠭᠦᠨ ᠳᠡᠨᠵᠢᠨ ᠳ᠋ᠦ᠍ ᠣᠭᠣᠰᠣᠷ ᠪᠦᠴᠡ ᠦᠭᠡᠢ ᠣᠷᠳᠣᠨ ᠴᠠᠭᠠᠨ ᠭᠡᠷ ᠦ᠋ᠳ ᠵᠡᠷᠭᠡᠯᠭᠡᠨ ᠳᠤᠮᠳᠠ ᠵᠢᠷᠢᠯᠵᠡᠨ ᠴᠠᠢᠯᠵᠠᠨᠠ᠃
ᠦᠨᠢᠶ᠎ᠡ ᠲᠤᠭᠤᠯ ᠮᠥᠭᠡᠷᠡᠯᠳᠦᠵᠦ ᠪᠤᠬ᠎ᠠ ᠤᠷᠤᠮᠳᠠᠨ ᠬᠣᠨᠢ ᠢᠮᠠᠭ᠎ᠠ ᠮᠠᠢᠯᠠᠯᠳᠤᠨ ᠠᠳᠤᠭᠤᠳ ᠢᠨᠴᠠᠭᠠᠯᠳᠤᠵᠤ ᠤᠨᠠᠭ᠎ᠠ ᠰᠠᠷᠪᠠ ᠲᠣᠩᠭᠣᠴᠢᠨ ᠲᠣᠭᠯᠠᠨ᠎ᠠ᠃ ᠠᠨᠢᠷ ᠬᠣᠯᠠ ᠠ᠋ᠴᠠ ᠮᠣᠷᠢᠨ ᠬᠤᠭᠤᠷ ᠤ᠋ᠨ ᠢᠷᠠᠭᠤ ᠵᠥᠭᠡᠯᠡᠨ ᠠᠶᠠᠰ ᠡᠬᠡ ᠪᠡᠨ ᠰᠠᠨᠠᠭᠰᠠᠨ ᠥᠨᠥᠴᠢᠨ ᠪᠣᠲᠣᠭᠣ ᠶ᠋ᠢᠨ ᠪᠤᠢᠯᠠᠭ᠎ᠠ ᠰᠢᠭ᠋ ᠡᠷᠲᠡ ᠶ᠋ᠢᠨ ᠠᠭᠠᠷ ᠠ᠋ᠴᠠ ᠳᠣᠯᠭᠢᠶᠠᠯᠠᠨ ᠨᠠᠭᠠᠰᠢᠯᠠᠨ᠎ᠠ᠃ ᠪᠠᠷᠠᠭᠤᠨ ᠲᠠᠯ᠎ᠠ ᠶ᠋ᠢᠨ ᠲᠣᠮᠣ ᠴᠠᠭᠠᠨ ᠭᠡᠷ ᠦ᠋ᠨ ᠳᠡᠷᠭᠡᠳᠡ ᠡᠴᠡ ᠪᠢᠷᠠᠭᠤ ᠰᠢᠭ᠋ ᠮᠣᠩᠭᠣᠯ ᠭᠠᠷᠵᠢ ᠠᠷᠬᠢᠷᠠᠭᠰᠠᠭᠠᠷ ᠥᠭᠡᠳᠡ ᠡᠴᠡ ᠭᠦᠶᠦᠵᠦ ᠢᠷᠡᠪᠡ᠃ 《ᠨᠣᠬᠠᠢ ᠬᠣᠷᠢ》 ᠭᠡᠵᠦ ᠴᠢᠨᠡᠭᠡ ᠮᠡᠳᠡᠨ ᠬᠠᠰᠬᠢᠷᠤᠭᠰᠠᠨ ᠴᠤ᠌ ᠭᠠᠷᠴᠤ ᠢᠷᠡᠭᠰᠡᠨ ᠬᠥᠮᠦᠨ ᠦᠭᠡᠢ᠃
ᠪᠢ ᠨᠣᠬᠠᠢ ᠶ᠋ᠢ ᠵᠠᠩᠳᠠᠴᠢᠨ ᠪᠠᠢᠵᠤ ᠭᠡᠷ ᠲᠦ᠍ ᠣᠷᠣᠪᠠᠯ ᠬᠠᠳᠠᠮ ᠨᠠᠭᠠᠴᠤ ᠡᠵᠢ ᠵᠤᠤᠬᠠᠨ ᠤ᠋ ᠪᠠᠨ ᠬᠠᠵᠠᠭᠤ ᠳ᠋ᠤ᠌ ᠰᠠᠭᠤᠵᠤ᠂ ᠲᠣᠮᠣ ᠰᠢᠷᠡᠮᠦᠨ ᠲᠣᠭᠣᠭ᠎ᠠ ᠲᠠᠢ ᠴᠠᠢ ᠪᠠᠨ ᠤᠷᠲᠤ ᠡᠰᠢ ᠲᠡᠢ ᠭᠠᠤᠯᠢᠨ ᠰᠢᠨᠠᠭ᠎ᠠ ᠪᠠᠷ ᠰᠠᠮᠤᠷᠴᠤ᠂ ᠨᠠᠭᠠᠴᠤ ᠠᠪᠤ ᠬᠣᠢᠮᠣᠷ ᠲᠠᠭᠠᠨ ᠭᠡᠳᠡᠢᠨ ᠰᠠᠭᠤᠭᠠᠳ ᠬᠠᠰ ᠰᠢᠯᠪᠢ ᠲᠡᠢ ᠤᠷᠲᠤ ᠳ᠋ᠠᠢ ᠪᠠᠨ ᠰᠣᠷᠣᠵᠤ ᠰᠢᠩᠭᠡᠨ ᠴᠡᠩᠬᠡᠷ ᠤᠲᠤᠭ᠎ᠠ ᠮᠠᠨᠠᠷᠠᠭᠤᠯᠤᠨ᠎ᠠ᠃
ᠪᠦᠯᠦ ᠳᠡᠭᠦᠦ ᠪᠠᠷᠠᠭᠤᠨ ᠬᠠᠶᠠᠭᠠᠨ ᠳ᠋ᠤ᠌ ᠰᠠᠭᠤᠵᠤ ᠤᠷᠭ᠎ᠠ ᠶ᠋ᠢᠨ ᠴᠡᠭᠡᠵᠢ ᠵᠠᠰᠠᠵᠤ ᠪᠠᠢᠬᠤ ᠶᠤᠮ᠃ ᠲᠥᠭᠡᠷᠢᠵᠦ ᠶᠠᠪᠤᠭᠰᠠᠭᠠᠷ ᠲᠥᠷᠥᠯ ᠳ᠋ᠡᠭᠡᠨ ᠭᠡᠭᠴᠢ ᠪᠡᠷ ᠪᠢ ᠶᠣᠰᠣᠲᠠᠢ ᠶᠡᠬᠡ ᠪᠠᠶᠠᠷᠯᠠᠵᠤ ᠨᠠᠭᠠᠴᠤ ᠠᠪᠤ ᠡᠵᠢ ᠳ᠋ᠦ᠍ ᠡᠪᠦᠳᠦᠭ ᠳᠠᠷᠤᠨ ᠠᠮᠤᠷ ᠡᠷᠢᠵᠦ᠂ ᠪᠦᠯᠦ ᠳᠡᠭᠦᠦ ᠲᠡᠢ ᠮᠠᠨᠳᠤᠯᠠᠪᠠᠯ ᠬᠡᠨ ᠨᠢ ᠴᠦ᠍ ᠳᠤᠤᠭᠠᠷᠤᠭᠰᠠᠨ ᠦᠭᠡᠢ᠂ ᠬᠥᠮᠦᠨ ᠣᠷᠣᠵᠤ ᠣᠴᠢᠭᠰᠠᠨ ᠢ᠋ ᠬᠠᠷᠠᠭ᠎ᠠ ᠦᠭᠡᠢ ᠶᠦᠮ ᠰᠢᠭ ᠰᠠᠭᠤᠵᠠᠭᠠᠨ᠎ᠠ᠃
ᠪᠢ ᠪᠦᠷ ᠭᠠᠢᠬᠠᠵᠤ ᠬᠣᠴᠣᠷᠪᠠ᠃ ᠨᠠᠭᠠᠴᠤ ᠡᠵᠢ ᠪᠣᠯ ᠮᠢᠨᠦ ᠬᠠᠳᠠᠮ ᠡᠵᠢ ᠲᠡᠢ ᠢᠬᠡᠷ᠎ᠡ ᠲᠥᠷᠥᠭᠰᠡᠨ ᠡᠭᠡᠴᠢ ᠳᠡᠭᠦᠦ᠃ ᠮᠠᠰᠢ ᠡᠨᠡᠷᠢᠩᠭᠦᠢ ᠰᠡᠳᠬᠢᠯ ᠲᠡᠢ ᠰᠠᠢᠬᠠᠨ ᠡᠵᠢ ᠶᠤᠮᠰᠠᠨ᠃ ᠥᠪᠡᠷ ᠦ᠋ᠨ ᠰᠠᠳᠤᠨ ᠲᠥᠷᠥᠯ ᠦ᠋ᠨ ᠬᠡᠦᠬᠡᠳ ᠠᠴᠢᠨᠠᠷ ᠢ᠋ᠶ᠋ᠠᠨ ᠭᠡᠪᠡᠯ ᠶᠣᠰᠣᠲᠠᠢ ᠥᠨᠥᠴᠢᠨ ᠡᠯᠢᠭᠡ ᠨᠢ ᠲᠠᠲᠠᠯᠳᠤᠨ ᠲᠤᠩ ᠴᠤ᠌ ᠬᠠᠢᠷᠠᠯᠠᠳᠠᠭ ᠪᠢᠯᠡ᠃ ᠨᠠᠮᠠᠶ᠋ᠢ ᠣᠴᠢᠬᠤ ᠪᠣᠯᠭᠠᠨ《ᠪᠣᠣᠷᠠᠢ (ᠡᠨᠳᠡᠬᠢ ᠶ᠋ᠢᠨ ᠬᠥᠮᠦᠰ ᠬᠡᠦᠬᠡᠳ ᠳᠡᠭᠦᠦ ᠨᠠᠷ ᠢ᠋ᠶ᠋ᠠᠨ ᠡᠩᠬᠦᠷᠡᠢᠯᠡᠵᠦ ᠳᠠᠭᠤᠳᠠᠳᠠᠭ ᠳᠠᠭᠤᠳᠠᠯᠭ᠎ᠠ) ᠪᠡᠷᠢ ᠬᠣᠶᠠᠷ ᠮᠢᠨᠢ ᠢᠷᠡᠴᠢᠬᠡᠯ᠎ᠡ 》 ᠭᠡᠳ ᠰᠦᠢᠳ ᠪᠣᠯᠵᠤ ᠠᠯᠢ ᠪᠠᠢᠭᠰᠠᠨ ᠠᠮᠲᠠ ᠰᠢᠮᠲᠡᠲᠡᠢ ᠪᠡᠨ ᠭᠠᠷᠭᠠᠵᠤ ᠳᠠᠢᠯᠠᠨ᠎ᠠ᠃ ᠪᠦᠯᠦ ᠳᠡᠭᠦᠦ ᠶ᠋ᠢ ᠨᠡᠩ ᠶᠠᠭᠤ ᠬᠡᠯᠡᠬᠦᠪ᠃ ᠠᠬ᠎ᠠ ᠲᠠᠢ ᠪᠠᠨ ᠪᠦᠯᠦ ᠪᠡᠷ ᠪᠠᠷᠠᠬᠤ ᠦᠭᠡᠢ ᠤᠨᠠᠭᠠᠨ ᠪᠠᠭ᠎ᠠ ᠶ᠋ᠢᠨ ᠨᠠᠢᠵᠠ ᠪᠣᠯᠳᠠᠭ᠃ ᠲᠡᠷᠡ ᠬᠣᠶᠠᠭᠤᠯᠠ ᠳ᠋ᠤ᠌ ᠬᠡᠯᠡᠵᠦ ᠶᠠᠷᠢᠳᠠᠭ ᠦᠭᠡᠢ ᠨᠢᠭᠤᠴᠠ ᠭᠡᠵᠦ ᠶᠡᠷᠦ ᠪᠠᠢᠳᠠᠭ ᠦᠭᠡᠢ᠃ 《ᠰᠠᠢᠨ ᠪᠡᠷᠭᠡᠨ ᠡᠵᠢ ᠡᠴᠡ ᠠᠬᠠᠳᠠᠨ᠎ᠠ》 ᠭᠡᠳᠡᠭ ᠶᠦᠮ᠃ ᠲᠡᠭᠡᠭᠡᠳ ᠴᠦ᠍《ᠪᠡᠷᠭᠡᠨ ᠬᠥᠮᠦᠨ ᠪᠡᠯᠡᠨ ᠰᠠᠢᠬᠠᠨ》ᠭᠡᠭᠴᠢ ᠪᠡᠷ《ᠭᠡᠭᠡᠨ ᠮᠡᠷᠭᠡᠨ ᠪᠡᠷᠭᠡᠨ ᠲᠠᠨ ᠤ᠋ ᠠᠮᠤᠷ ᠢ᠋ ᠡᠷᠢᠶ᠎ᠡ》 ᠭᠡᠵᠦ ᠨᠠᠳᠠ ᠪᠠᠷ ᠲᠠᠩᠳᠠ ᠱᠣᠭᠯᠠᠳᠠᠭ᠃
ᠣᠳᠣ ᠲᠡᠭᠡᠭᠡᠳ ᠡᠳᠡ ᠨᠠᠷ ᠮᠠᠨᠢ ᠶᠠᠭᠠᠬᠢᠵᠤ ᠪᠠᠢᠭ᠎ᠠ ᠨᠢ ᠲᠡᠷᠡ ᠪᠣᠢ᠂ ᠮᠡᠨᠳᠦ ᠰᠠᠢᠨ ᠤᠤ ᠴᠦ᠍ ᠦᠭᠡᠢ᠃ ᠨᠥᠬᠥᠷ ᠮᠢᠨᠢ ᠡᠷᠲᠡ ᠨᠥᠭᠴᠢᠵᠦ᠂ ᠡᠳᠡᠨᠥᠰ ᠮᠢᠨᠢ ᠨᠠᠳᠠ ᠠ᠋ᠴᠠ ᠵᠠᠢᠳᠠᠵᠤ ᠬᠥᠨᠳᠡᠢᠷᠡᠭᠡ ᠦᠭᠡᠢ ᠪᠢᠵᠡ ᠬᠥᠭᠡᠷᠦᠬᠦᠢ ᠭᠡᠵᠦ ᠪᠣᠳᠣᠭᠳᠠᠨ ᠰᠡᠳᠬᠢᠯ ᠬᠠᠴᠢᠨ ᠡᠮᠵᠡᠭᠯᠡᠨ ᠭᠣᠮᠣᠳᠠᠨ᠎ᠠ᠃ ᠦᠭᠡᠢ᠂ ᠨᠢᠭᠡ ᠪᠣᠳᠣᠪᠠᠯ ᠡᠳᠡᠨᠥᠰ ᠮᠠᠨᠢ ᠲᠠᠯᠢᠢᠭᠴᠢ᠂ ᠪᠣᠯᠤᠭᠠᠳ ᠤᠳᠠᠵᠤ ᠪᠠᠢᠭ᠎ᠠ ᠪᠢᠰᠢ ᠪᠢᠯᠡ ᠤᠤ? ᠪᠢ ᠶᠡᠷᠦᠨᠢ ᠳ᠋ᠧᠪᠠᠵᠠᠨ ᠳ᠋ᠤ᠌ ᠶᠠᠪᠤᠭ᠎ᠠ ᠶᠤᠮ ᠤᠤ? ᠡᠷᠯᠢᠭ ᠲᠠᠮᠤ ᠶ᠋ᠢᠨ ᠣᠷᠣᠨ ᠳ᠋ᠤ᠌ ᠲᠡᠨᠦᠵᠦ ᠶᠠᠪᠤᠨ᠎ᠠ ᠤᠤ? ᠲᠠᠩᠳᠠ ᠯᠠ ᠥᠩᠭᠡᠷᠡᠵᠦ ᠲᠡᠯᠢᠢᠭᠰᠡᠨ ᠬᠥᠮᠦᠰ ᠲᠡᠢ ᠪᠡᠨ ᠤᠴᠠᠷᠠᠭᠠᠳ ᠪᠠᠢᠳᠠᠭ ᠴᠢᠨᠢ?
ᠨᠢᠳᠦᠨ ᠡᠮᠦᠨᠡᠭᠦᠷ ᠭᠣᠵᠣᠭᠣᠷ ᠴᠠᠭᠠᠨ ᠶᠠᠭᠤᠮᠠᠰ ᠪᠥᠷᠲᠥᠯᠵᠡᠨ ᠬᠥᠳᠡᠯᠦᠭᠡᠳ ᠪᠠᠢᠬᠤ ᠰᠢᠭ᠋ ᠶᠦᠮ᠃
— ᠬᠠᠯᠠᠭᠤᠨ ᠨᠢ ᠳᠥᠴᠢᠨ ᠭᠷᠠᠳᠦ᠋ᠰ ᠬᠦᠷᠴᠦ ᠪᠠᠢᠨ᠎ᠠ᠃
— ᠰᠤᠳᠠᠯ ᠤ᠋ᠨ ᠵᠡᠭᠦᠦ ᠶᠡᠭᠦᠯᠡᠵᠦ ᠲᠠᠷᠢᠯᠭ᠎ᠠ ᠬᠢ!
— ᠬᠠᠯᠠᠭᠤᠨ ᠨᠢ ᠪᠠᠭᠤᠷᠠᠬᠤ ᠦᠭᠡᠢ ᠭᠤᠷᠪᠠ ᠬᠣᠨᠣᠯ᠎ᠠ ᠭᠡᠬᠦ ᠳᠠᠭᠤᠨ ᠭᠠᠵᠠᠷ ᠤ᠋ᠨ ᠲᠤᠢᠯ ᠠ᠋ᠴᠠ ᠭᠠᠷᠴᠤ ᠪᠠᠢᠬᠤ ᠰᠢᠭ᠋ ᠪᠦᠷᠦᠭ ᠬᠣᠯᠠ ᠰᠣᠨᠣᠰᠳᠠᠨ᠎ᠠ᠃
ᠦᠰᠦᠭ ᠠᠮᠢᠯᠠᠭᠤᠯᠤᠭᠴᠢ᠄ ᠡᠭᠦᠯᠡᠩᠬᠤᠸᠠᠷ᠂ ᠪᠠᠢ᠂ ᠰᠠᠷᠠᠨ᠎ᠠ᠂ ᠮᠥᠩᠭᠥᠨ
ᠬᠢᠨᠠᠭᠴᠢ ᠪᠠᠭᠰᠢ᠄ ᠠᠯᠲᠠᠨᠴᠢᠮᠡᠭ᠂ ᠬᠡᠯᠡᠰᠣᠶᠣᠯ᠂ ᠰᠣᠨᠢᠨᠪᠠᠶᠠᠷ᠂ ᠪᠠᠯ᠂ ᠭᠠᠷᠮ᠎ᠠ᠂ ᠣᠳᠬᠠᠨᠰᠣ᠎ᠠ
