ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠠᠪᠤ ᠶᠢᠨ ᠳᠦᠷᠢ ᠲᠠᠢ ᠡᠭᠦᠯᠡ> Элсэнд булагдсан сувдаа – П.Оюунгэрэл <Аавын дүртэй үүл> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠠᠪᠤ ᠶᠢᠨ ᠳᠦᠷᠢ ᠲᠠᠢ ᠡᠭᠦᠯᠡ> Элсэнд булагдсан сувдаа – П.Оюунгэрэл <Аавын дүртэй үүл>

ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠠᠪᠤ ᠶᠢᠨ ᠳᠦᠷᠢ ᠲᠠᠢ ᠡᠭᠦᠯᠡ> Элсэнд булагдсан сувдаа – П.Оюунгэрэл <Аавын дүртэй үүл>

ᠠᠩᠭᠢᠯᠠᠯ:ᠲᠤᠭᠤᠵᠢ ᠷᠣᠮᠠᠨ
2026-10-16

6

ᠠᠪᠤ ᠶ᠋ᠢᠨ ᠳᠦᠷᠢ ᠲᠡᠢ ᠡᠭᠦᠯᠡ

 
       ᠳᠥᠴᠢᠨ ᠵᠢᠯ ᠦ᠋ᠨ ᠡᠮᠦᠨᠡᠬᠢ ᠬᠠᠪᠤᠷ ᠤ᠋ᠨ ᠨᠢᠭᠡ ᠡᠳᠦᠷ ᠪᠠᠢᠯ᠎ᠠ᠃ 
       ᠤᠮᠠᠷᠠᠲᠤ ᠣᠷᠣᠨ ᠤ᠋ ᠬᠥᠳᠡᠭᠡ ᠨᠤᠲᠤᠭ ᠤ᠋ᠨ ᠴᠡᠩᠬᠡᠷ ᠣᠭᠲᠠᠷᠭᠤᠢ ᠳ᠋ᠤ᠌ ᠬᠥᠪᠥᠩ ᠴᠠᠭᠠᠨ ᠡᠭᠦᠯᠡᠰ ᠬᠥᠪᠦᠯᠵᠡᠩᠬᠡᠨ ᠨᠡᠭᠦᠳᠡᠯᠯᠡᠵᠦ᠂ ᠤᠷᠢᠬᠠᠨ ᠬᠠᠪᠤᠷ ᠤ᠋ᠨ ᠨᠠᠷᠠᠨ ᠤ᠋ ᠲᠤᠶᠠᠭ᠎ᠠ ᠡᠬᠡ ᠭᠠᠵᠠᠷ ᠢ᠋ ᠢᠪᠡᠭᠡᠨ ᠳᠤᠯᠠᠢᠨ᠎ᠠ᠃  
       ᠮᠥᠩᠬᠡ ᠤᠷᠤᠰᠬᠠᠯᠲᠤ ᠰᠡᠩᠰᠡᠨ ᠪᠤᠯᠠᠭ ᠤ᠋ᠨ ᠲᠤᠩᠭᠠᠯᠠᠭ ᠤᠷᠤᠰᠬᠠᠯ ᠴᠡᠯᠡᠭᠡᠷ ᠲᠠᠯ᠎ᠠ ᠶ᠋ᠢ ᠡᠮᠵᠢᠶᠡᠷᠢᠯᠡᠨ ᠴᠡᠩᠬᠡᠷ ᠳᠣᠯᠭᠢᠶᠠᠨ ᠮᠢᠷᠠᠯᠵᠠᠭᠤᠯᠤᠨ ᠡᠮᠦᠨᠡᠰᠢ ᠤᠷᠤᠰᠤᠨ᠎ᠠ᠃ ᠪᠤᠯᠠᠭ ᠤ᠋ᠨ ᠤᠰᠤ ᠬᠠᠯᠢᠶᠠᠯᠠᠨ ᠲᠡᠯᠡᠵᠦ᠂ ᠲᠡᠭᠡᠭ ᠭᠡᠳᠡᠭ ᠬᠣᠯᠪᠣᠭ᠎ᠠ ᠬᠣᠶᠠᠷ ᠲᠣᠯᠣᠭᠠᠢ ᠶ᠋ᠢᠨ ᠠᠷᠤ ᠳ᠋ᠤ᠌ ᠲᠤᠯᠲᠠᠯ᠎ᠠ ᠲᠣᠯᠢ ᠰᠢᠭ᠋ ᠲᠤᠩᠭᠠᠯᠠᠭ ᠨᠠᠭᠤᠷ ᠲᠣᠭᠲᠠᠵᠠᠢ᠃ ᠰᠡᠩᠰᠡᠨ ᠪᠤᠯᠠᠭ ᠤ᠋ᠨ ᠠᠳᠠᠭ ᠭᠡᠵᠦ ᠲᠡᠮᠡᠭᠡ ᠲᠡᠢ ᠬᠥᠮᠦᠨ ᠦᠵᠡᠭᠳᠡᠮ᠎ᠡ ᠦᠭᠡᠢ ᠥᠨᠳᠥᠷ ᠳᠠᠷᠠᠰᠤ ᠲᠠᠢ ᠥᠷᠭᠡᠨ ᠲᠠᠯ᠎ᠠ ᠪᠠᠢᠳᠠᠭ ᠪᠠᠢᠯ᠎ᠠ᠃ 
       ᠤᠰᠤᠨ ᠤ᠋ ᠰᠤᠷᠪᠤᠯᠵᠢ ᠰᠠᠢᠲᠠᠢ ᠡᠨᠡ ᠨᠤᠲᠤᠭ ᠵᠢᠯ ᠪᠦᠷᠢ ᠡᠷᠲᠡ ᠬᠠᠪᠤᠷ ᠢ᠋ ᠤᠭᠲᠤᠳᠠᠭ ᠪᠠᠢᠯ᠎ᠠ᠃ ᠬᠠᠭᠳᠠ ᠬᠥᠬᠡᠷᠡᠵᠦ ᠢᠷᠭᠤᠢ ᠨᠢᠳᠦᠯᠡᠭᠡᠳ ᠴᠠᠬᠢᠯᠳᠠᠭ ᠤ᠋ᠨ ᠬᠥᠬᠡ ᠴᠡᠴᠡᠭ ᠳᠡᠯᠪᠢ ᠪᠡᠨ ᠳᠡᠯᠭᠡᠨ ᠮᠦᠰᠢᠶᠡᠨ᠎ᠡ᠃ 
       ᠨᠣᠮᠢᠨ ᠴᠡᠩᠬᠡᠷ ᠥᠩᠭᠡ ᠪᠡᠷ ᠬᠠᠨᠠᠷᠠᠭᠰᠠᠨ ᠨᠠᠭᠤᠷ ᠤ᠋ᠨ ᠤᠰᠤᠨ ᠳ᠋ᠤ᠌ ᠭᠠᠯᠠᠭᠤ ᠠᠩᠭᠢᠷ ᠭᠡᠳ ᠵᠦᠢᠯ ᠪᠦᠷᠢ ᠶ᠋ᠢᠨ ᠰᠢᠪᠠᠭᠤᠳ ᠡᠬᠡ ᠪᠠᠢᠭᠠᠯᠢ ᠶ᠋ᠢᠨ ᠢᠷᠠᠭᠤ ᠰᠠᠢᠬᠠᠨ ᠠᠶ᠎ᠠ ᠡᠭᠡᠰᠢᠭ ᠢ᠋ ᠤᠶᠠᠩᠭᠠᠯᠠᠨ ᠳᠣᠩᠭᠣᠳᠤᠨ᠎ᠠ᠃ ᠨᠡᠭᠦᠳᠡᠯ ᠦ᠋ᠨ ᠴᠠᠭᠠᠨ ᠬᠤᠨ ᠢᠷᠡᠵᠦ ᠪᠤᠴᠠᠬᠤ ᠳ᠋ᠠᠭᠠᠨ ᠵᠠᠪᠠᠯ ᠡᠨᠡ ᠨᠠᠭᠤᠷ ᠲᠤ᠌ ᠪᠠᠭᠤᠵᠤ ᠠᠮᠠᠷᠠᠭᠠᠳ ᠶᠠᠪᠤᠳᠠᠭ ᠪᠠᠢᠯ᠎ᠠ᠃ 
       ᠬᠥᠨᠳᠡᠢ ᠭᠡᠳᠡᠭ ᠨᠡᠷ᠎ᠡ ᠲᠡᠢ ᠬᠠᠳᠠ ᠲᠠᠢ ᠬᠤᠰᠢᠭᠤᠨ ᠤ᠋ ᠡᠩᠭᠡᠷ ᠲᠦ᠍ ᠬᠠᠪᠤᠷᠵᠢᠶᠠᠨ ᠳ᠋ᠠᠭᠠᠨ ᠪᠠᠢᠭ᠎ᠠ ᠥᠨᠳᠡᠭᠡᠨ ᠴᠠᠭᠠᠨ ᠭᠡᠷ ᠦ᠋ᠳ ᠵᠡᠷᠭᠡᠯᠭᠡᠨ ᠳᠤᠮᠳᠠ ᠠᠯᠤᠰ᠎ᠠ᠋ᠴᠠ ᠴᠠᠢᠯᠵᠠᠨ ᠬᠠᠷᠠᠭᠳᠠᠨ᠎ᠠ᠃ 
       ᠬᠠᠪᠤᠷ ᠤ᠋ᠨ ᠤᠷᠢᠬᠠᠨ ᠰᠠᠯᠬᠢᠨ ᠳ᠋ᠤ᠌ ᠳᠠᠷᠠᠰᠤ ᠳᠠᠭᠠᠵᠤ ᠬᠤᠷᠠᠭ᠎ᠠ ᠲᠠᠢ ᠬᠣᠨᠢᠳ ᠪᠡᠯᠴᠢᠭᠡᠷᠯᠡᠨ᠎ᠡ᠃ ᠰᠦᠨ ᠳ᠋ᠡᠭᠡᠨ ᠴᠠᠳᠴᠤ ᠬᠥᠷᠥᠪᠡᠵᠢᠵᠦ ᠪᠠᠢᠭ᠎ᠠ ᠢᠰᠢᠭᠡ ᠬᠤᠷᠠᠭ᠎ᠠ ᠨᠤᠭᠤᠳ ᠦᠰᠦᠷᠦᠨ ᠲᠣᠩᠭᠣᠴᠢᠨ ᠲᠣᠭᠯᠠᠨ᠎ᠠ᠃ 
       ᠬᠤᠷᠠᠭ᠎ᠠ ᠲᠠᠢ ᠬᠣᠨᠢ ᠬᠠᠷᠢᠭᠤᠯᠵᠤ ᠶᠠᠪᠤᠭ᠎ᠠ ᠨᠢ ᠳᠣᠯᠣᠭᠠᠨ ᠨᠠᠰᠤᠲᠠᠢ ᠵᠢᠭᠠᠯ ᠥᠬᠢᠨ᠃ 
       ᠰᠠᠯᠠᠭᠠᠯᠠᠵᠤ ᠬᠦᠷᠦᠭᠰᠡᠨ ᠰᠢᠷᠠᠮᠠᠩ ᠭᠡᠵᠢᠭᠡ᠂ ᠮᠠᠷᠢᠶᠠᠯᠢᠭ ᠪᠣᠨᠲᠣᠭᠣᠷ ᠤᠯᠠᠭᠠᠨ ᠬᠠᠴᠠᠷ᠂ ᠰᠡᠷᠭᠦᠯᠡᠩ ᠪᠣᠷᠣ ᠨᠢᠳᠦ ᠲᠡᠢ᠂ ᠴᠢᠪᠠᠭᠠᠨ ᠤᠯᠠᠭᠠᠨ ᠤᠷᠤᠭᠤᠯ ᠢ᠋ᠶ᠋ᠠᠨ ᠴᠢᠩᠭ᠎ᠠ ᠵᠢᠮᠢᠢᠭᠰᠡᠨ ᠨᠢ ᠨᠠᠰᠤᠨ ᠳ᠋ᠠᠭᠠᠨ ᠲᠣᠬᠢᠷᠠᠮ᠎ᠠ ᠦᠭᠡᠢ ᠲᠥᠪᠯᠡᠭᠦᠨ ᠬᠠᠷᠠᠭᠳᠠᠨ᠎ᠠ᠃ 
       ᠵᠢᠭᠠᠯ ᠥᠬᠢᠨ ᠰᠠᠴᠤᠮᠠᠯ ᠬᠡ ᠲᠡᠢ ᠪᠣᠷᠣ ᠥᠩᠭᠡᠲᠡᠢ ᠬᠥᠪᠥᠩ ᠳᠡᠪᠡᠯ ᠡᠮᠦᠰᠴᠦ ᠴᠡᠩᠬᠡᠷ ᠳᠤᠷᠳᠤᠩ ᠪᠦᠰᠡ ᠶ᠋ᠢ ᠴᠢᠪᠬᠢᠲᠡᠯ᠎ᠡ ᠪᠦᠰᠡᠯᠡᠵᠦ ᠭᠤᠷᠪᠠ ᠪᠠᠷ ᠰᠠᠷᠢᠰᠤᠯᠠᠭᠰᠠᠨ ᠡᠭᠡᠲᠡᠨ ᠬᠣᠩᠰᠢᠶᠠᠷ ᠲᠠᠢ ᠪᠤᠯᠢᠭᠠᠷᠢ ᠭᠤᠲᠤᠯ ᠡᠮᠦᠰᠴᠦ ᠬᠤᠷᠤᠭᠤᠳ ᠤ᠋ᠨ ᠬᠢᠨᠢ ᠦᠶ᠎ᠡ ᠪᠡᠷ ᠬᠣᠩᠬᠣᠷ ᠭᠠᠷᠤᠭᠰᠠᠨ ᠮᠠᠷᠢᠶᠠᠯᠢᠭ ᠪᠤᠯᠪᠠᠷᠠᠢ ᠭᠠᠷ ᠲᠠᠭᠠᠨ ᠰᠤᠷ ᠬᠤᠢᠪᠢ ᠲᠠᠢ ᠰᠢᠯᠪᠢᠭᠦᠷ ᠠᠳᠬᠤᠵᠤ᠂ ᠨᠠᠷᠠᠨ ᠡᠭᠡᠪᠦᠷ ᠲᠦ᠍ ᠰᠠᠭᠤᠭᠠᠳ ᠰᠢᠨ᠎ᠡ ᠨᠣᠭᠣᠭ᠎ᠠ ᠴᠢᠮᠬᠢᠯᠡᠨ ᠲᠠᠪᠠᠲᠠᠢ ᠢᠳᠡᠰᠢᠯᠡᠬᠦ ᠬᠣᠨᠢᠨ ᠰᠦᠷᠦᠭ ᠢ᠋ᠶ᠋ᠡᠨ ᠨᠢᠳᠦ ᠲᠠᠯᠪᠢᠨ ᠬᠠᠷᠠᠵᠤ ᠪᠠᠢᠯ᠎ᠠ᠃ 
     《ᠬᠤᠷᠠᠭ᠎ᠠ ᠢᠰᠢᠭᠡ ᠤᠨᠲᠠᠭᠠᠳ ᠬᠣᠴᠣᠷᠬᠤ ᠪᠣᠢ》 ᠭᠡᠵᠦ ᠡᠵᠢ ᠨᠢ ᠵᠠᠬᠢᠭᠰᠠᠨ ᠪᠠᠢᠵᠠᠢ᠃ 
       ᠲᠡᠭᠡᠪᠡᠴᠦ ᠬᠠᠶᠠ ᠬᠠᠶᠠᠬᠠᠨ ᠬᠣᠯᠠ ᠶ᠋ᠢ ᠬᠠᠷᠠᠨ ᠮᠡᠯᠡᠷᠡᠵᠦ᠂ ᠠᠯᠤᠰ ᠤ᠋ᠨ ᠠᠯᠤᠰ ᠲᠤ᠌ ᠳᠤᠨᠢᠶᠠᠷᠲᠤᠨ ᠴᠡᠩᠬᠡᠷᠲᠦᠬᠦ ᠠᠭᠤᠳᠠᠮ ᠲᠠᠯ᠎ᠠ᠂ ᠲᠡᠮᠡᠭᠡᠨ ᠵᠢᠩ ᠦ᠋ᠨ ᠴᠤᠪᠤᠭ᠎ᠠ ᠰᠢᠭ᠋ ᠬᠦᠪᠦᠷᠡᠨ ᠣᠢᠯᠬᠤ ᠠᠭᠤᠯᠠ ᠲᠤᠯᠤᠭᠠᠳ ᠤ᠋ᠨ ᠪᠠᠷ᠎ᠠ ᠶ᠋ᠢ ᠰᠢᠷᠳᠡᠨ᠂ ᠨᠢᠳᠦᠨ ᠳ᠋ᠦ᠍ᠨᠢ ᠮᠥᠷᠥᠭᠡᠳᠦᠯ ᠦ᠋ᠨ ᠭᠠᠰᠢᠭᠤᠨ ᠭᠤᠨᠢᠭ ᠲᠤᠨᠤᠷᠠᠵᠤ ᠤᠷᠲᠤᠬᠠᠨ ᠰᠢᠭ᠋ ᠰᠠᠨᠠᠭ᠎ᠠ ᠠᠯᠳᠠᠪᠠ᠃  
       ᠪᠢᠴᠢᠬᠠᠨ ᠥᠬᠢᠨ ᠬᠣᠶᠠᠷ ᠭᠠᠷ ᠢ᠋ᠶ᠋ᠠᠨ ᠳᠡᠷᠡᠯᠡᠨ ᠬᠡᠪᠲᠡᠭᠡᠳ ᠥᠨᠳᠥᠷ ᠣᠭᠲᠠᠷᠭᠤᠢ ᠳ᠋ᠤ᠌ ᠬᠥᠪᠦᠯᠵᠡᠬᠦ ᠡᠭᠦᠯᠡᠰ ᠢ᠋ ᠮᠡᠯᠡᠷᠡᠨ ᠰᠢᠷᠳᠡᠨ᠎ᠡ᠃ 
       ᠪᠥᠭᠡᠮ ᠪᠥᠭᠡᠮ ᠴᠠᠭᠠᠨ ᠡᠭᠦᠯᠡᠰ ᠬᠤᠷᠠᠨ ᠴᠤᠭᠯᠠᠷᠠᠨ᠎ᠠ᠂ ᠳᠠᠬᠢᠭᠠᠳ ᠪᠠᠰᠠ ᠵᠠᠳᠠᠷᠠᠨ ᠪᠤᠲᠠᠷᠠᠨ᠎ᠠ᠃ ᠠᠩ ᠤ᠋ᠨ ᠨᠣᠬᠠᠳ ᠰᠢᠭ᠋᠂ ᠵᠡᠭᠡᠷ᠎ᠡ ᠢᠨᠵᠠᠭ᠎ᠠ ᠴᠤ᠌ ᠶᠤᠮ ᠰᠢᠭ᠋᠂ ᠬᠡᠪᠲᠡᠭᠡ ᠲᠡᠮᠡᠭᠡ ᠴᠦ᠍ ᠶᠦᠮ ᠰᠢᠭ᠂ ᠤᠷᠤᠯᠳᠤᠭᠠᠨ ᠤ᠋ ᠮᠣᠷᠢᠳ᠂ ᠤᠨᠠᠭ᠎ᠠ ᠲᠤᠭᠤᠯ ᠴᠤ᠌ ᠶᠤᠮ ᠰᠢᠭ᠋ ᠁  
       ᠭᠡᠨᠡᠳᠲᠡ ᠡᠭᠦᠯᠡᠨ ᠦ᠌ ᠳᠤᠮᠳᠠ᠎ᠠ᠋ᠴᠠ ᠠᠪᠤ ᠶ᠋ᠢᠨ ᠬᠢᠨᠢ ᠳᠦᠷᠢ ᠢᠯᠡᠷᠡᠯ᠎ᠡ᠃ 《ᠠᠪᠤ》 ᠭᠡᠵᠦ ᠵᠢᠭᠠᠯ ᠥᠬᠢᠨ ᠥᠪᠡᠷ ᠦ᠋ᠨ ᠡᠷᠬᠡ ᠦᠭᠡᠢ ᠬᠠᠰᠬᠢᠷᠤᠯ᠎ᠠ᠃  ᠥᠷᠭᠡᠨ ᠮᠥᠷᠥ ᠰᠦᠷᠯᠢᠭ ᠪᠡᠶ᠎ᠡ ᠲᠡᠢ ᠠᠪᠤ ᠨᠢ ᠵᠢᠷᠪᠢᠰᠬᠢᠨ ᠦᠵᠡᠭᠳᠡᠭᠡᠳ ᠲᠣᠣᠷᠬᠠᠭ ᠢ᠋ᠶ᠋ᠠᠨ ᠠᠯᠠᠭ᠎ᠠ ᠪᠣᠯᠪᠠ᠃  ᠠᠪᠤ ᠪᠠᠨ ᠠᠬᠢᠭᠠᠳ ᠨᠢᠭᠡ ᠬᠠᠷᠠᠬᠤ ᠶᠤᠮᠰᠠᠨ ᠭᠡᠵᠦ ᠬᠦᠰᠡᠵᠦ ᠬᠦᠯᠢᠶᠡᠭᠰᠡᠨ ᠵᠢᠭᠠᠯ ᠥᠬᠢᠨ ᠳ᠋ᠦ᠍ ᠥᠩᠭᠡᠷᠡᠭᠰᠡᠨ ᠬᠠᠪᠤᠷ ᠤ᠋ᠨ ᠠᠶᠤᠮᠰᠢᠭᠲᠤ ᠤᠴᠠᠷᠠᠯ ᠰᠠᠨᠠᠭᠠᠨ ᠳ᠋ᠤᠨᠢ ᠪᠠᠭᠤᠵᠤ ᠪᠢᠯᠡ᠃ ᠲᠣᠭ ᠳᠠᠯᠪᠠᠭ᠎ᠠ ᠡᠷᠭᠦᠭᠰᠡᠨ ᠠᠷᠪᠠᠭᠠᠳ ᠬᠥᠮᠦᠰ ᠭᠡᠷ ᠲᠦ᠋ᠨᠢ ᠢᠪᠡ ᠳᠠᠭᠠᠷᠢᠨ ᠣᠷᠣᠵᠤ ᠢᠷᠡᠭᠡᠳ ᠠᠪᠤ ᠶ᠋ᠢ ᠨᠢ ᠪᠠᠷᠢᠪᠠ᠃  ᠲᠡᠭᠡᠭᠡᠳ ᠨᠢᠷᠤᠭᠤᠨ ᠳ᠋ᠤᠨᠢ ᠬᠠᠲᠠᠭᠰᠠᠨ ᠳᠠᠪᠤᠤ ᠳᠡᠭᠡᠷ᠎ᠡ ᠬᠡᠳᠦᠨ ᠶᠠᠩᠵᠦ ᠶᠢᠨ ᠶᠠᠯ᠎ᠠ ᠶ᠋ᠢᠨ ᠭᠡᠷᠡᠴᠢ ᠶ᠋ᠢ ᠲᠣᠳᠣᠷᠬᠠᠢᠯᠠᠵᠤ ᠠᠯᠠᠰᠢᠨ ᠤ᠋ ᠦᠬᠡᠷ ᠲᠠᠭᠤᠵᠤ ᠪᠠᠢᠬᠤ ᠰᠢᠭ᠋ ᠮᠣᠷᠢ ᠪᠠᠷ ᠬᠥᠭᠡᠭᠡᠭᠡᠳ ᠵᠡᠷᠭᠡᠯᠡᠳᠡᠭᠡ ᠰᠤᠮᠤᠨ ᠳ᠋ᠤ᠌ ᠪᠠᠢᠳᠠᠭ ᠳᠡᠭᠡᠳᠦᠰ ᠦ᠋ᠨ ᠬᠢᠨᠢ ᠨᠤᠲᠤᠭ ᠲᠤ᠌ ᠠᠪᠠᠴᠢᠨ ᠲᠡᠮᠡᠴᠡᠬᠦ ᠭᠡᠵᠦ ᠠᠪᠴᠤ ᠶᠠᠪᠤᠭᠰᠠᠨ ᠢ᠋ᠶ᠋ᠠᠨ ᠪᠦᠲᠦᠨ ᠵᠢᠯ ᠦ᠋ᠨ ᠨᠢᠭᠤᠷ ᠦᠵᠡᠵᠦ ᠣᠭᠲᠣ ᠴᠢᠮᠡᠭᠡ ᠠᠯᠠᠭ᠎ᠠ᠃《ᠮᠡᠨᠳᠦ ᠬᠠᠷᠢᠵᠤ ᠢᠷᠡᠵᠦ ᠴᠢᠳᠠᠳᠠᠭ ᠴᠤ᠌ ᠪᠣᠯᠪᠠ ᠤᠤ》 ᠭᠡᠵᠦ ᠡᠵᠢ ᠨᠢ ᠲᠠᠩᠳᠠ ᠨᠢᠯᠪᠤᠰᠤᠷᠠᠨ ᠥᠭᠦᠯᠡᠳᠡᠭ ᠪᠠᠢᠯ᠎ᠠ᠃  ᠡᠨᠡ ᠤᠴᠢᠷ᠎ᠠ᠋ᠴᠠ ᠬᠣᠢᠰᠢ ᠲᠡᠷᠡ ᠬᠦ᠌ ᠬᠠᠷᠠᠩᠭ᠎ᠠ ᠬᠡᠩᠭᠡᠷᠭᠡᠨ ᠦ᠌ ᠳᠠᠭᠤ᠂ ᠤᠷᠢᠶ᠎ᠠ ᠯᠣᠽᠦ᠋ᠩ ᠦ᠋ᠨ ᠬᠠᠰᠬᠢᠷᠤᠯᠲᠠ ᠨᠢ ᠵᠢᠭᠠᠯ ᠥᠬᠢᠨ ᠦ᠌ ᠨᠢᠯᠬ᠎ᠠ ᠪᠠᠯᠴᠢᠷ ᠣᠶᠤᠨ ᠳ᠋ᠤ᠌ ᠲᠦᠭᠰᠢᠭᠦᠷᠢ ᠶ᠋ᠢᠨ ᠬᠠᠷ᠎ᠠ ᠮᠠᠨᠠᠨ ᠪᠣᠯᠵᠤ ᠮᠠᠨᠠᠭᠳᠠᠵᠠᠢ᠃  
       ᠵᠢᠭᠠᠯ ᠥᠬᠢᠨ ᠬᠥᠪᠦᠯᠵᠡᠬᠦ ᠡᠭᠦᠯᠡ ᠶ᠋ᠢ ᠪᠠᠷᠠᠯᠠᠭᠰᠠᠭᠠᠷ ᠃ ᠠᠪᠤ ᠶ᠋ᠢᠨ ᠬᠢᠨᠢ ᠲᠥᠷᠬᠦ ᠳᠠᠬᠢᠭᠠᠳ ᠢᠯᠡᠷᠡᠭᠰᠡᠨ ᠦᠭᠡᠢ᠃ ᠲᠡᠭᠦᠨ ᠦ᠌ ᠨᠢᠳᠦᠨ ᠳ᠋ᠦ᠍ ᠨᠢᠯᠪᠤᠰᠤ ᠮᠡᠯᠲᠡᠯᠵᠡᠨ ᠤᠷᠤᠭᠤᠯ ᠨᠢ ᠥᠮᠥᠯᠵᠡᠨ ᠡᠬᠡᠷ ᠲᠠᠲᠠᠪᠠ᠃  ᠭᠡᠨᠡᠳᠲᠡ ᠶᠠᠭᠤ ᠪᠣᠳᠣᠭᠰᠠᠨ ᠢ᠋ ᠪᠤᠤ ᠮᠡᠳᠡ᠂ ᠭᠣᠰ ᠦᠰᠦᠷᠦᠨ ᠪᠣᠰᠴᠤ ᠬᠠᠨᠴᠤᠢ ᠪᠠᠷ ᠢ᠋ᠶ᠋ᠠᠨ ᠨᠢᠯᠪᠤᠰᠤ ᠪᠠᠨ ᠵᠣᠷᠢᠮᠠᠭ ᠵᠦᠯᠭᠦᠭᠰᠡᠨ ᠢ᠋ᠶ᠋ᠡᠨ 《ᠮᠢᠨᠦ ᠠᠪᠤ ᠮᠠᠭᠤ ᠬᠥᠮᠦᠨ ᠪᠢᠰᠢ᠂ ᠠᠪᠤ ᠮᠢᠨᠢ ᠯᠠᠪᠲᠠᠢ ᠬᠠᠷᠢᠵᠤ ᠢᠷᠡᠨ᠎ᠡ》 ᠭᠡᠵᠦ ᠴᠢᠨᠡᠭᠡ ᠮᠡᠳᠡᠨ ᠬᠠᠰᠬᠢᠷᠤᠯ᠎ᠠ᠃ 
       ᠤᠨᠲᠠᠵᠤ ᠪᠠᠢᠭᠰᠠᠨ ᠬᠤᠷᠠᠭ᠎ᠠ ᠢᠰᠢᠭᠡ ᠨᠦ᠍ᠭᠦᠳ ᠦᠷᠭᠦᠨ ᠪᠣᠰᠴᠤ᠂ ᠪᠡᠯᠴᠢᠵᠦ ᠪᠠᠢᠭᠰᠠᠨ ᠬᠣᠨᠢᠳ ᠵᠢᠷᠢᠰᠬᠢᠨ ᠨᠡᠰᠢ ᠡᠷᠭᠢᠨ ᠪᠥᠭᠡᠮᠨᠡᠷᠡᠨ ᠵᠣᠭᠰᠣᠪᠠ᠃  ᠵᠢᠭᠠᠯ ᠥᠬᠢᠨ ᠥᠨᠳᠥᠷ ᠳᠠᠷᠠᠰᠤ ᠲᠠᠢ ᠳᠣᠪᠣᠴᠠᠭ ᠤ᠋ᠨ ᠣᠷᠣᠢ ᠳ᠋ᠤ᠌ ᠭᠠᠷᠴᠤ ᠵᠣᠭᠰᠣᠭᠠᠳ᠂ ᠵᠢᠷᠪᠢᠯᠵᠡᠬᠦ ᠵᠡᠷᠭᠡᠯᠭᠡᠨ ᠳᠤᠮᠳᠠ ᠥᠨᠳᠥᠷ ᠪᠣᠭᠣᠨᠢ ᠪᠣᠯᠵᠤ ᠬᠠᠷᠠᠭᠳᠠᠬᠤ ᠬᠣᠶᠠᠷ ᠲᠡᠭᠡᠭ ᠦ᠋ᠨ ᠳᠤᠮᠳᠠᠭᠤᠷ ᠰᠤᠨᠤᠯᠵᠠᠬᠤ ᠲᠠᠯ᠎ᠠ ᠶ᠋ᠢᠨ ᠰᠢᠷ᠎ᠠ ᠵᠠᠮ ᠢ᠋ ᠤᠳᠠᠲᠠᠯ᠎ᠠ ᠪᠠᠷᠠᠯᠠᠨ ᠵᠣᠭᠰᠣᠯ᠎ᠠ᠃ 
       ᠳᠥᠷᠪᠡᠲᠡᠢ ᠪᠠᠢᠭᠰᠠᠨ ᠵᠢᠯ ᠳ᠋ᠦ᠍ᠨᠢ ᠠᠪᠤ ᠨᠢ ᠨᠢᠭᠡ ᠤᠳᠠᠭ᠎ᠠ ᠳᠠᠪᠤᠰᠤᠨ ᠤ᠋ ᠠᠶᠠᠨ ᠳ᠋ᠤ᠌ ᠶᠠᠪᠤᠭᠠᠳ ᠶᠡᠬᠡ ᠤᠳᠠᠭᠰᠠᠨ ᠪᠠᠢᠵᠠᠢ᠃ ᠲᠡᠷᠡ ᠨᠠᠮᠤᠷ ᠤ᠋ᠨ ᠨᠠᠷᠠ ᠰᠢᠷᠭᠠᠯᠳᠠᠭᠰᠠᠨ ᠲᠤᠩᠭᠠᠯᠠᠭ ᠡᠳᠦᠷ ᠭᠠᠳᠠᠨ᠎ᠠ ᠰᠠᠭᠤᠭᠠᠳ ᠬᠤᠷᠤᠳ ᠵᠦᠰᠦᠵᠦ ᠪᠠᠢᠭᠰᠠᠨ ᠡᠵᠢ ᠨᠢ《ᠠᠶᠠᠨ ᠤ᠋ ᠬᠥᠮᠦᠨ ᠢᠷᠡᠯ᠎ᠡ᠂ ᠠᠪᠤ ᠨᠢ ᠢᠷᠡᠯ᠎ᠡ》 ᠭᠡᠵᠦ ᠥᠬᠢᠨ ᠢ᠋ᠶ᠋ᠡᠨ ᠳᠠᠭᠤᠳᠠᠪᠠ᠃  ᠵᠢᠭᠠᠯ ᠥᠬᠢᠨ ᠭᠣᠳ ᠦᠰᠦᠷᠦᠨ ᠭᠠᠷᠴᠤ ᠢᠷᠡᠭᠡᠳ ᠠᠪᠤ ᠶ᠋ᠢᠨ ᠢ᠋ᠶ᠋ᠡᠨ ᠢᠷᠡᠵᠦ ᠶᠠᠪᠤᠭ᠎ᠠ ᠵᠦᠭ ᠬᠠᠷᠠᠢᠯᠭᠠᠪᠠ᠃ ᠠᠰᠠᠷ ᠪᠠᠰᠠᠷ ᠬᠣᠶᠠᠷ ᠨᠣᠬᠠᠢ ᠨᠢ ᠴᠦ᠍ ᠥᠬᠢᠨ ᠢ᠋ ᠳᠠᠭᠠᠭᠠᠳ ᠰᠤᠮᠤᠳᠠᠨ ᠭᠦᠶᠦᠯ᠎ᠡ᠃  ᠭᠠᠯ ᠠᠶᠠᠨ ᠤ᠋ ᠠᠬᠠᠯᠠᠭᠴᠢ ᠠᠪᠤ ᠨᠢ ᠲᠡᠮᠡᠭᠡᠳ ᠢ᠋ᠶ᠋ᠡᠨ ᠬᠥᠲᠥᠯᠦᠨ᠂ ᠬᠠᠩᠬᠠᠯᠵᠠᠨ ᠠᠯᠬᠤᠭᠰᠠᠭᠠᠷ ᠣᠢᠷᠠᠲᠤᠨ ᠢᠷᠡᠪᠡ᠃  ᠠᠪᠤ ᠨᠢ ᠥᠬᠢᠨ ᠢ᠋ᠶ᠋ᠡᠨ ᠲᠡᠪᠡᠷᠢᠨ ᠠᠪᠴᠤ ᠪᠥᠨᠲᠥᠭᠡᠷ ᠮᠠᠩᠨᠠᠢ᠂ ᠪᠣᠨᠲᠣᠭᠣᠷ ᠬᠠᠴᠠᠷ ᠢ᠋ ᠨᠢ ᠡᠭᠡᠯᠵᠢᠯᠡᠨ ᠦᠨᠦᠰᠦᠭᠡᠳ《ᠮᠢᠨᠦ ᠮᠠᠭᠤ ᠰᠢᠷ᠎ᠠ ᠠᠪᠤ ᠪᠠᠨ ᠰᠠᠨᠠᠪᠠ ᠤᠤ》 ᠭᠡᠬᠦ ᠳ᠋ᠦ᠍ ᠵᠢᠭᠠᠯ ᠥᠬᠢᠨ ᠶᠠᠭᠤ ᠴᠤ᠌ ᠳᠤᠤᠭᠠᠷᠤᠯ ᠦᠭᠡᠢ ᠠᠪᠤ ᠪᠠᠨ ᠬᠦᠵᠦᠭᠦᠳᠡᠨ ᠲᠡᠪᠡᠷᠢᠵᠦ ᠥᠳᠬᠡᠨ ᠰᠠᠬᠠᠯ ᠲᠠᠢ ᠥᠷᠭᠡᠨ ᠲᠦᠭᠦᠰᠢᠨ ᠳ᠋ᠦ᠍ᠨᠢ ᠵᠥᠭᠡᠯᠡᠨ ᠬᠠᠴᠠᠷ ᠢ᠋ᠶ᠋ᠠᠨ ᠨᠠᠭᠠᠯᠳᠤᠭᠤᠯᠤᠨ ᠡᠷᠡᠭᠡᠯᠡᠪᠡ᠃  ᠠᠰᠠᠷ ᠪᠠᠰᠠᠷ ᠬᠣᠶᠠᠷ ᠨᠣᠬᠠᠢ ᠨᠢ ᠴᠦ᠍ ᠡᠵᠡᠨ ᠦ᠌ ᠪᠡᠨ ᠡᠩᠭᠡᠷ ᠬᠣᠷᠮᠣᠢ ᠵᠦᠭ ᠦᠰᠦᠷᠦᠨ ᠬᠠᠷᠠᠢᠵᠤ《ᠲᠠ ᠶᠠᠭᠠᠬᠢᠭᠰᠠᠨ ᠶᠡᠬᠡ ᠤᠳᠠᠪᠠ》 ᠭᠡᠬᠦ ᠰᠢᠭ ᠬᠢᠩᠭᠢᠨᠡᠨ ᠭᠠᠰᠠᠯᠵᠤ ᠰᠠᠩᠭᠤᠷᠴᠠᠭ ᠰᠡᠭᠦᠯ ᠢ᠋ᠶ᠋ᠡᠨ ᠰᠢᠷᠪᠠᠯᠵᠠᠭᠤᠯᠤᠨ᠎ᠠ᠃ 
       ᠠᠪᠤ ᠨᠢ ᠳᠠᠯᠢᠩ ᠢ᠋ᠶ᠋ᠠᠨ ᠰᠣᠢᠯᠠᠨ ᠥᠬᠢᠨ ᠳ᠋ᠡᠭᠡᠨ ᠬᠣᠶᠠᠷ ᠬᠡᠰᠡᠭ ᠣᠷᠣᠰ ᠰᠢᠬᠢᠷ ᠠᠳᠬᠤᠭᠤᠯᠤᠨ ᠲᠡᠮᠡᠭᠡᠨ ᠳᠡᠭᠡᠷ᠎ᠡ ᠪᠡᠨ ᠡᠷᠭᠦᠨ ᠲᠠᠯᠪᠢᠯ᠎ᠠ᠃ ᠲᠡᠮᠡᠭᠡᠨ ᠦ᠌ ᠪᠦᠬᠦ ᠡᠴᠡ ᠲᠡᠪᠡᠷᠢᠵᠦ ᠰᠠᠭᠤᠭᠰᠠᠨ ᠵᠢᠭᠠᠯ ᠥᠬᠢᠨ ᠵᠠᠪᠠᠵᠢᠨ ᠡᠴᠡ ᠪᠡᠨ ᠰᠢᠯᠦᠰᠦ ᠭᠣᠭᠣᠵᠢᠭᠤᠯᠤᠨ ᠰᠢᠬᠢᠷ ᠰᠢᠮᠡᠵᠦ᠂ ᠰᠦᠷᠯᠢᠭ ᠥᠨᠳᠥᠷ ᠠᠪᠤ ᠶ᠋ᠢᠨ ᠢ᠋ᠶ᠋ᠡᠨ ᠲᠡᠭᠰᠢ ᠰᠠᠢᠬᠠᠨ ᠨᠢᠷᠤᠭᠤ ᠶ᠋ᠢ ᠪᠠᠬᠠᠷᠬᠠᠨ ᠬᠠᠷᠠᠵᠤ᠂《ᠠᠪᠤ ᠠ᠋》 ᠭᠡᠵᠦ ᠨᠢᠯᠬ᠎ᠠ ᠬᠣᠩᠭᠣᠷ ᠳᠠᠭᠤ ᠪᠠᠷ ᠳᠠᠭᠤᠳᠠᠬᠤ ᠳ᠋ᠤ᠌ ᠠᠪᠤ ᠨᠢ 《ᠦᠶᠢ᠂ ᠮᠢᠨᠦ ᠥᠬᠢᠨ》 ᠭᠡᠵᠦ ᠥᠳᠬᠡᠨ ᠬᠠᠷ᠎ᠠ ᠬᠥᠮᠥᠰᠬᠡ ᠲᠡᠢ ᠲᠣᠮᠣ ᠠᠯᠠᠭ ᠨᠢᠳᠦ ᠪᠡᠷ ᠢ᠋ᠶ᠋ᠡᠨ ᠥᠬᠢᠨ ᠢ᠋ᠶ᠋ᠡᠨ ᠥᠬᠥᠭᠡᠷᠳᠡᠨ ᠬᠠᠷᠠᠵᠤ᠂ ᠠᠳᠤᠭᠤᠨ ᠤ᠋ ᠬᠢ ᠰᠢᠭ ᠴᠠᠭᠠᠨ ᠰᠢᠲᠦ ᠪᠡᠨ ᠢᠷᠠᠯᠵᠠᠭᠤᠯᠤᠨ ᠬᠦᠩᠭᠢᠨᠡᠲᠡᠯ᠎ᠡ ᠢᠨᠢᠶᠡᠨ᠎ᠡ᠃ 
       ᠲᠡᠷᠡ ᠬᠦ᠌ ᠴᠠᠭᠯᠠᠰᠢ ᠦᠭᠡᠢ ᠪᠠᠶᠠᠷ ᠵᠢᠷᠭᠠᠯ ᠲᠠᠢ ᠡᠳᠦᠷ ᠢ᠋ ᠡᠷᠭᠢᠴᠡᠭᠦᠯᠦᠨ ᠰᠠᠨᠠᠬᠤ ᠳ᠋ᠤ᠌ ᠵᠢᠭᠠᠯ ᠥᠬᠢᠨ ᠦ᠌ ᠵᠠᠪᠠᠵᠢᠨ ᠳ᠋ᠤ᠌ ᠠᠵᠠ ᠵᠢᠷᠭᠠᠯ ᠤ᠋ᠨ ᠮᠦᠰᠢᠶᠡᠳᠦ ᠲᠣᠳᠣᠷᠠᠪᠠ᠃  ᠭᠦᠨ ᠴᠡᠩᠬᠡᠷ ᠣᠭᠲᠠᠷᠭᠤᠢ ᠳ᠋ᠤ᠌ ᠤᠰᠤᠨ ᠴᠡᠩᠬᠡᠷ ᠡᠭᠦᠯᠡᠰ ᠬᠦᠪᠦᠷᠡᠭᠰᠡᠭᠡᠷ᠁ ᠠᠯᠤᠰ ᠲᠡᠭᠷᠢ ᠶ᠋ᠢᠨ ᠬᠢᠵᠠᠭᠠᠷ᠎ᠠ᠋ᠴᠠ ᠠᠪᠤ ᠨᠢ ᠠᠶᠠᠨ ᠵᠢᠩ ᠦ᠋ᠨ ᠲᠡᠮᠡᠭᠡᠳ ᠬᠥᠲᠥᠯᠦᠭᠡᠳ ᠨᠡᠰᠢ ᠠᠢᠰᠤᠢ ᠰᠢᠭ᠋᠃ ᠤᠷᠢᠬᠠᠨ ᠰᠠᠯᠬᠢᠨ ᠤ᠋ ᠠᠶᠠᠰ ᠢ᠋ᠶ᠋ᠠᠷ ᠵᠢᠩ ᠦ᠋ᠨ ᠬᠣᠩᠬᠣᠨ ᠤ᠋ ᠴᠠᠩᠭᠢᠨᠠᠮ᠎ᠠ ᠳᠠᠭᠤᠨ ᠵᠢᠭᠠᠯ ᠥᠬᠢᠨ ᠦ᠌ ᠴᠢᠬᠢᠨ ᠳ᠋ᠦ᠍ ᠲᠣᠳᠣᠬᠠᠨ ᠰᠣᠨᠣᠰᠳᠠᠨ᠎ᠠ᠃ 

                                      2009 ᠣᠨ ᠳ᠋ᠤ᠌ ᠬᠥᠬᠡᠬᠣᠲᠠᠨ᠎ᠠ  

    2010 ᠣᠨ ᠳ᠋ᠤ᠌ 《ᠬᠤᠨ ᠭᠠᠯᠠᠭᠤ》 ᠰᠡᠳᠬᠦᠯ ᠦ᠋ᠨ ᠱᠠᠩᠨᠠᠯᠲᠤ ᠤᠷᠤᠯᠳᠤᠭᠠᠨ ᠳ᠋ᠤ᠌ ᠬᠣᠶᠠᠳᠤᠭᠠᠷ ᠳᠡᠰ ᠦ᠋ᠨ ᠱᠠᠩᠨᠠᠯ ᠬᠦᠷᠲᠡᠵᠡᠢ᠃  

           ᠦᠰᠦᠭ ᠬᠥᠷᠪᠡᠭᠦᠯᠦᠭᠰᠡᠨ ᠨᠢ᠄ ᠮᠥᠩᠭᠥᠨ ᠪᠠᠢ· ᠰᠠᠷᠠᠨ᠎ᠠ᠂ ᠬᠡᠯᠡᠰᠣᠶᠣᠯ 
           ᠬᠢᠨᠠᠭᠴᠢ᠄ ᠣᠳᠬᠠᠨᠰᠣ᠎ᠠ᠂ ᠰᠣᠨᠢᠨᠪᠠᠶᠠᠷ᠂ ᠭᠠᠷᠮ᠎ᠠ