ᠴᠡᠷᠢᠭ ᠦᠨ ᠪᠣᠳᠣᠯ-ᠬᠤᠷᠳᠤ ᠬᠠᠮᠲᠤᠯᠢᠭ Цэргийн бодол-Хурд хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠡᠷᠢᠭ ᠦᠨ ᠪᠣᠳᠣᠯ-ᠬᠤᠷᠳᠤ ᠬᠠᠮᠲᠤᠯᠢᠭ Цэргийн бодол-Хурд хамтлаг

ᠴᠡᠷᠢᠭ ᠦᠨ ᠪᠣᠳᠣᠯ-ᠬᠤᠷᠳᠤ ᠬᠠᠮᠲᠤᠯᠢᠭ Цэргийн бодол-Хурд хамтлаг

ᠠᠩᠭᠢᠯᠠᠯ:ᠳᠠᠭᠤᠤ ᠬᠥᠭᠵᠢᠮ
2022-11-15

523

ᠴᠡᠷᠢᠭ ᠦᠨ ᠪᠣᠳᠣᠯ-ᠬᠤᠷᠳᠤ ᠬᠠᠮᠲᠤᠯᠢᠭ Цэргийн бодол-Хурд хамтлаг

      ᠬᠤᠷᠳᠤ ᠬᠠᠮᠲᠤᠯᠢᠭ ᠳᠠᠭᠤᠯᠠᠨ᠎ᠠ

ᠥᠨᠥᠴᠢᠨ ᠳᠡᠷᠡᠨ ᠳᠡᠭᠡᠷ᠎ᠡ ᠨᠣᠢᠷ ᠬᠤᠯᠵᠢᠭᠠᠳ

ᠥᠨᠢ ᠶ᠋ᠢᠨ ᠢᠷᠡᠭᠡᠳᠦᠢ ᠶ᠋ᠢ ᠰᠡᠳᠬᠢᠨ ᠪᠠᠶ᠋ᠢᠬᠤ ᠳᠤ ᠮᠢᠨᠢ
ᠥᠪᠡᠷ ‍ᠦᠨ ᠡᠷᠬᠡ ᠦᠭᠡᠢ ᠴᠢ ᠮᠢᠨᠢ ᠪᠤᠲᠤᠭᠲᠠᠵᠦ
ᠥᠷᠥ᠍ ᠵᠢᠷᠦᠬᠡ ᠮᠢᠨᠢ ᠴᠢᠮ᠎ᠠ ᠤᠷᠤᠭᠤ ᠲᠡᠮᠡᠦᠯᠦᠨ᠎ᠡ

ᠴᠡᠷᠢᠭ ᠪᠢ ᠴᠢᠨᠢ ᠢᠩᠭᠢᠵᠦ ᠪᠣᠳᠣᠬᠤ ᠪᠠᠷ
ᠴᠡᠭᠡᠵᠢᠨ ᠳᠣᠲᠣᠷ᠎ᠠ ᠮᠢᠨᠢ ᠭᠠᠯ ᠳᠦᠷᠡᠯᠵᠡᠭᠡᠳ
ᠴᠡᠪᠡᠷ ᠰᠡᠳᠬᠢᠯ  ‍ᠦᠨ ᠤᠶᠠᠭᠠᠰᠤ ᠠᠯᠲᠠᠭᠤᠷᠠᠵᠦ
ᠴᠡᠷᠢᠭ  ‍ᠦᠨ ᠬᠤᠸᠠᠷᠠᠨ ᠠ᠋ᠴᠠ ᠴᠢᠮ᠎ᠠ ᠤᠷᠤᠭᠤ ᠲᠡᠮᠡᠦᠯᠦᠨ᠎ᠡ

ᠴᠢᠮ᠎ᠠ ‍ᠶ᠋ᠢ ᠪᠢ ᠰᠠᠨᠠᠨ ᠳᠤᠷᠠᠰᠴᠤ
ᠴᠢᠨᠳᠠᠮᠤᠨᠢ ᠮᠡᠲᠦ ᠪᠠᠷ ᠬᠠᠢᠷᠠᠯᠠᠨ᠎ᠠ ᠭᠡᠳ
ᠬᠡᠨ ᠠ᠋ᠴᠠ ᠳᠤᠲᠠᠬᠤ ᠦᠭᠡᠢ ᠰᠠᠶ᠋ᠢᠬᠠᠨ ᠠᠮᠢᠳᠤᠷᠠᠬᠤ
ᠬᠡᠲᠦ ᠶ᠋ᠢᠨ ᠵᠣᠷᠢᠯᠭ᠎ᠠ ᠨᠠᠳᠠ ᠳᠤ ᠪᠠᠶ᠋ᠢᠨ᠎ᠠ ᠰᠢᠦ

ᠪᠦᠰᠡᠭᠦᠢ ᠪᠢ ᠴᠢᠨᠢ ᠢᠩᠭᠢᠵᠦ ᠪᠣᠳᠣᠬᠤ ᠪᠠᠷ
ᠪᠦᠯᠢᠶᠡᠨ ᠵᠢᠷᠦᠬᠡ ᠮᠢᠨᠢ ᠤᠶᠠᠷᠠᠨ ᠬᠠᠶ᠋ᠢᠯᠵᠤ
ᠪᠤᠯᠪᠠᠷᠠᠢ ᠦᠷ᠎ᠡ ᠪᠠᠨ ᠲᠡᠪᠡᠷᠢᠨ ᠮᠢᠰᠢᠶᠡᠭᠰᠡᠭᠡᠷ
ᠪᠦᠪᠠᠢ ᠶ᠋ᠢᠨ ᠳᠠᠭᠤᠤ ᠪᠠᠨ ᠠᠶᠠᠯᠵᠦ ᠰᠠᠭᠤᠨ᠎ᠠ ᠪᠢ

ᠴᠡᠷᠢᠭ ᠪᠢ ᠴᠢᠨᠢ ᠢᠩᠭᠢᠵᠦ ᠪᠣᠳᠣᠬᠤ ᠪᠠᠷ
ᠴᠡᠭᠡᠵᠢᠨ ᠳᠣᠲᠣᠷ᠎ᠠ ᠮᠢᠨᠢ ᠭᠠᠯ ᠳᠦᠷᠡᠯᠵᠡᠭᠡᠳ
ᠴᠡᠪᠡᠷ ᠰᠡᠳᠬᠢᠯ  ‍ᠦᠨ ᠤᠶᠠᠭᠠᠰᠤ ᠠᠯᠲᠠᠭᠤᠷᠠᠵᠦ
ᠴᠡᠷᠢᠭ  ‍ᠦᠨ ᠬᠤᠸᠠᠷᠠᠨ ᠠ᠋ᠴᠠ ᠴᠢᠮ᠎ᠠ ᠤᠷᠤᠭᠤ ᠲᠡᠮᠡᠦᠯᠦᠨ᠎ᠡ

ᠬᠠᠪᠤᠷ  ‍ᠤᠨ ᠤᠯᠠᠷᠢᠯ ᠲᠥᠬᠥᠭᠰᠡᠨ ᠴᠤ᠌ ᠶᠤᠮ ‍ᠦᠦ
ᠬᠠᠶ᠋ᠢᠷᠠᠲᠠᠢ ᠦᠷ᠎ᠡ ᠪᠠᠨ  ᠰᠠᠨᠠᠭᠰᠠᠨ ᠴᠤ᠌ ᠶᠤᠮ ‍ᠦᠦ
ᠬᠠᠯᠠᠭᠳᠠᠬᠤ ᠬᠣᠨᠣᠭ ᠮᠢᠨᠢ ᠣᠶ᠋ᠢᠷᠠᠲᠤᠭᠰᠠᠨ ᠴᠤ᠌ ᠶᠤᠮ ‍ᠦᠦ
ᠬᠠᠷᠢᠬᠤ ᠬᠣᠨᠣᠭ  ‍ᠢᠶ᠋ᠠᠨ ᠲᠣᠭᠠᠯᠠᠵᠤ ᠰᠠᠭᠤᠨ᠎ᠠ ᠪᠢ

ᠴᠡᠷᠢᠭ ᠪᠢ ᠴᠢᠨᠢ ᠢᠩᠭᠢᠵᠦ ᠪᠣᠳᠣᠬᠤ ᠪᠠᠷ
ᠴᠡᠭᠡᠵᠢᠨ ᠳᠣᠲᠣᠷ᠎ᠠ ᠮᠢᠨᠢ ᠭᠠᠯ ᠳᠦᠷᠡᠯᠵᠡᠭᠡᠳ
ᠴᠡᠪᠡᠷ ᠰᠡᠳᠬᠢᠯ  ‍ᠦᠨ ᠤᠶᠠᠭᠠᠰᠤ ᠠᠯᠲᠠᠭᠤᠷᠠᠵᠦ
ᠴᠡᠷᠢᠭ  ‍ᠦᠨ ᠬᠤᠸᠠᠷᠠᠨ ᠠ᠋ᠴᠠ ᠴᠢᠮ᠎ᠠ ᠤᠷᠤᠭᠤ ᠲᠡᠮᠡᠦᠯᠦᠨ᠎ᠡ

ᠬᠠᠪᠤᠷ  ‍ᠤᠨ ᠤᠯᠠᠷᠢᠯ ᠭᠤᠷᠪᠠᠨᠲᠠ ᠡᠷᠭᠢᠵᠦ
ᠬᠠᠶ᠋ᠢᠷᠠᠲᠠᠢ ᠦᠷ᠎ᠡ ᠴᠢᠨᠢ ᠲᠣᠮᠣ ᠪᠣᠯᠵᠠᠢ
ᠬᠠᠨᠢ ᠶ᠋ᠢᠨ ᠵᠢᠷᠭᠠᠯ  ᠢ ᠡᠷᠬᠡ ᠦᠭᠡᠢ ᠮᠥᠷᠥᠭᠡᠳᠦᠭᠰᠡᠭᠡᠷ
ᠬᠠᠶ᠋ᠢᠷ᠎ᠠ ᠶ᠋ᠢᠨ ᠳᠠᠭᠤᠤ ᠪᠠᠨ ᠴᠢᠮ᠎ᠠ ᠳ᠋ᠠᠭᠠᠨ ᠳᠠᠭᠤᠯᠠᠶ᠎ᠠ

ᠪᠦᠰᠡᠭᠦᠢ ᠪᠢ ᠴᠢᠨᠢ ᠢᠩᠭᠢᠵᠦ ᠪᠣᠳᠣᠬᠤ ᠪᠠᠷ
ᠪᠦᠯᠢᠶᠡᠨ ᠵᠢᠷᠦᠬᠡ ᠮᠢᠨᠢ ᠤᠶᠠᠷᠠᠨ ᠬᠠᠶ᠋ᠢᠯᠵᠤ
ᠪᠤᠯᠪᠠᠷᠠᠢ ᠦᠷ᠎ᠡ ᠪᠠᠨ ᠲᠡᠪᠡᠷᠢᠨ ᠮᠢᠰᠢᠶᠡᠭᠰᠡᠭᠡᠷ
ᠪᠦᠪᠠᠢ ᠶ᠋ᠢᠨ ᠳᠠᠭᠤᠤ ᠪᠠᠨ ᠠᠶᠠᠯᠵᠦ ᠰᠠᠭᠤᠨ᠎ᠠ ᠪᠢ

ᠴᠡᠷᠢᠭ ᠪᠢ ᠴᠢᠨᠢ ᠢᠩᠭᠢᠵᠦ ᠪᠣᠳᠣᠬᠤ ᠪᠠᠷ
ᠴᠡᠭᠡᠵᠢᠨ ᠳᠣᠲᠣᠷ᠎ᠠ ᠮᠢᠨᠢ ᠭᠠᠯ ᠳᠦᠷᠡᠯᠵᠡᠭᠡᠳ
ᠴᠡᠪᠡᠷ ᠰᠡᠳᠬᠢᠯ  ‍ᠦᠨ ᠤᠶᠠᠭᠠᠰᠤ ᠠᠯᠲᠠᠭᠤᠷᠠᠵᠦ
ᠴᠡᠷᠢᠭ  ‍ᠦᠨ ᠬᠤᠸᠠᠷᠠᠨ ᠠ᠋ᠴᠠ ᠴᠢᠮ᠎ᠠ ᠤᠷᠤᠭᠤ ᠲᠡᠮᠡᠦᠯᠦᠨ᠎ᠡ