ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠳᠣᠯᠣᠳᠤᠭᠠᠷ ᠪᠦᠯᠦᠭ>᠂ ᠲᠡᠭᠦᠰᠭᠡᠯ ᠦᠭᠡᠢ ᠦᠢᠮᠡᠭᠡᠨ - ᠨᠢᠭᠡ Бүргэд харьд үүрэлдэггүй – Ж᠂ Пүрэв <7-р бүлэг>. Төгсөглөгүй үймээн ~1
ᠳᠣᠯᠣᠳᠤᠭᠠᠷ ᠪᠦᠯᠦᠭ᠂ ᠲᠡᠭᠦᠰᠭᠡᠯ ᠦᠭᠡᠢ ᠦᠢᠮᠡᠭᠡᠨ
ᠨᠢᠭᠡ - ᠶᠡᠬᠡ ᠵᠢᠩ ᠦᠨ ᠴᠤᠪᠤᠭ᠎ᠠ ᠳᠠᠰᠤᠷᠠᠪᠠ
ᠪᠢᠯᠢᠭᠦᠨ ᠭᠡᠷ ᠲᠤ ᠪᠡᠨ ᠵᠦᠭᠡᠷ ᠬᠡᠪᠲᠡᠭᠡᠳ ᠪᠠᠢᠬᠤ ᠠᠷᠭ᠎ᠠ ᠦᠭᠡᠢ ᠰᠠᠨᠠᠭᠳᠠᠨ᠂ ᠁ ᠠᠷᠢᠬᠪᠥᠶ᠋ᠬᠡ ᠶ᠋ᠢ ᠦᠷᠦ ᠡᠪᠡᠳᠴᠦ《ᠤᠭ ᠨᠢ ᠲᠩᠷᠢ ᠲᠡᠢ ᠪᠠᠢᠬᠤ ᠪᠠᠷ ᠰᠠᠢᠬᠠᠨ ᠡᠷ᠎ᠡ ᠰᠠᠨ᠃ ᠠᠷᠢᠬᠪᠥᠶ᠋ᠬᠡ ᠮᠠᠨᠢ ᠮᠣᠩᠭᠣᠯ ᠢ᠋ᠶ᠋ᠠᠨ ᠯᠠ ᠭᠡᠵᠦ ᠤᠷᠭᠤᠮᠠᠯ ᠬᠤᠪᠢᠯᠠᠢ ᠲᠠᠢ ᠲᠡᠮᠡᠴᠡᠯᠳᠦᠵᠦ ᠶᠠᠪᠤᠭ᠎ᠠ ᠡᠷ᠎ᠡ᠃ ᠲᠡᠷᠡ ᠬᠥᠮᠦᠨ ᠵᠥᠪᠬᠡᠨ ᠥᠪᠡᠷ ᠢ᠋ ᠪᠡᠨ ᠪᠣᠳᠣᠭᠰᠠᠨ ᠪᠣᠯ ᠢᠩᠭᠢᠵᠦ ᠦᠢᠯᠡ ᠲᠠᠮᠤ ᠪᠠᠨ ᠡᠳ᠋ᠯᠡᠵᠦ ᠶᠠᠪᠤᠬᠤ ᠦᠭᠡᠢ᠂ ᠬᠤᠪᠢᠯᠠᠢ ᠰᠢᠭ᠋ ᠵᠠᠪᠬᠠᠭᠤᠯ ᠡᠮᠡᠰ ᠴᠤᠭᠯᠠᠭᠤᠯᠤᠭᠠᠳ᠂ ᠬᠣᠨᠢᠨ ᠤ᠋ ᠲᠠᠷᠭᠤᠨ ᠤᠭᠤᠴᠠ᠂ ᠭᠡᠭᠦᠦ ᠶ᠋ᠢᠨ ᠠᠢᠷᠠᠭ ᠬᠣᠶᠠᠷ ᠢ᠋ᠶ᠋ᠠᠷ ᠭᠡᠳᠡᠰᠦ ᠪᠡᠨ ᠪᠣᠷᠳᠣᠭᠠᠳ ᠬᠡᠪᠲᠡᠵᠦ ᠪᠠᠢᠵᠤ ᠪᠣᠯᠬᠤ ᠪᠠᠢᠭᠰᠠᠨ᠃ ᠬᠠᠷᠠᠬᠣᠷᠣᠮ ᠤ᠋ᠨ ᠲᠥᠯᠥᠭᠡ ᠯᠡ ᠡᠨᠡ ᠡᠷ᠎ᠡ ᠪᠣᠰᠤᠭᠰᠠᠨ᠃ ᠤᠭ ᠬᠥᠮᠦᠨ ᠨᠢ ᠡᠷᠡᠯᠬᠡᠭ ᠵᠣᠯᠪᠣᠭ᠎ᠠ ᠲᠠᠢ᠂ ᠨᠢᠷᠤᠭᠤ ᠲᠡᠭᠰᠢ᠂ ᠣᠯᠠᠨ ᠠᠷᠪᠢᠨ ᠠᠭᠠᠰᠢ ᠵᠠᠩ ᠦᠭᠡᠢ᠂ ᠨᠣᠮ ᠡᠷᠳᠡᠮ ᠢ᠋ ᠬᠦᠨᠳᠦᠯᠡᠨ ᠦᠵᠡᠳᠡᠭ᠂ ᠳᠣᠣᠷᠠᠲᠤ ᠶᠠᠳᠠᠭᠤ ᠵᠦᠳᠡᠭᠦᠦ ᠬᠥᠮᠦᠰ ᠢ᠋ᠶ᠋ᠡᠨ ᠨᠣᠬᠠᠢ ᠠᠳᠠᠯᠢ ᠬᠠᠶᠠᠳᠠᠭ ᠦᠭᠡᠢ᠂ ᠡᠪᠦᠭᠡᠳ ᠨᠠᠰᠤᠲᠠᠨ ᠨᠤᠭᠤᠳ ᠢ᠋ᠶ᠋ᠠᠨ ᠳᠡᠭᠡᠳᠦᠯᠡᠳᠡᠭ ᠳᠡ᠃ ᠡᠢᠮᠦ ᠯᠡ ᠬᠥᠮᠦᠨ ᠮᠠᠨ ᠤ᠋ ᠬᠠᠭᠠᠨ ᠪᠠᠢᠭᠠᠰᠠᠢ ᠭᠡᠵᠦ ᠣᠯᠠᠨ ᠤ᠋ ᠬᠡᠯᠡᠳᠡᠭ ᠵᠥᠪ ᠭᠡᠮᠡᠨ ᠪᠣᠳᠣᠨ᠂ ᠮᠣᠳᠣ ᠲᠤᠯᠤᠭᠠᠳ ᠬᠠᠭᠠᠨ ᠤ᠋ ᠣᠷᠳᠣᠨ ᠤᠷᠤᠭᠤ ᠬᠡᠯᠲᠦᠷᠢᠯ᠎ᠡ᠃
《ᠶᠡᠬᠡ ᠵᠣᠬᠢᠴᠠᠯ ᠳᠠᠭᠤᠨ ᠤ᠋ ᠣᠷᠳᠣᠨ》 ᠳ᠋ᠤ᠌ ᠬᠡᠳᠦᠨ ᠨᠣᠶᠠᠳ ᠲᠦᠰᠢᠮᠡᠳ ᠬᠤᠷᠠᠭᠰᠠᠨ ᠪᠠᠢᠪᠠ᠃ ᠪᠢᠯᠢᠭᠦᠨ ᠲᠡᠷᠡ ᠬᠤᠷᠠᠭᠰᠠᠨ ᠬᠥᠮᠦᠰ ᠦ᠋ᠨ ᠳᠤᠮᠳᠠ ᠣᠷᠣᠵᠤ ᠶᠠᠪᠤᠴᠢᠬᠠᠯ᠎ᠠ᠃ ᠴᠡᠷᠢᠭ ᠦ᠋ᠨ ᠳᠠᠭᠠᠭᠠᠮᠠᠯ᠂ ᠪᠤᠰᠤᠳ ᠨᠣᠶᠠᠳ ᠲᠦᠰᠢᠮᠡᠳ ᠨᠠᠷ ᠱᠤᠤᠭᠢᠯᠳᠤᠨ ᠦᠭᠡ ᠶᠠᠷᠢᠵᠤ ᠪᠠᠢᠨ᠎ᠠ᠃ ᠠᠷᠢᠬᠪᠥᠶ᠋ᠬᠡ ᠡᠩ ᠦ᠋ᠨ ᠳᠡᠪᠡᠯ ᠡᠮᠦᠰᠦᠨ ᠰᠠᠭᠤᠵᠤ ᠬᠥᠮᠦᠰ ᠦ᠋ᠨ ᠶᠠᠷᠢᠶ᠎ᠠ ᠶ᠋ᠢ ᠴᠢᠩᠨᠠᠨ ᠪᠠᠢᠭ᠎ᠠ ᠪᠣᠯᠤᠯᠲᠠᠢ᠃
— ᠬᠤᠪᠢᠯᠠᠢ ᠶ᠋ᠢᠨ ᠴᠢᠷᠴᠦ ᠢᠷᠡᠭᠰᠡᠨ ᠣᠯᠠᠨ ᠬᠢᠲᠠᠳ ᠴᠡᠷᠢᠭ ᠯᠡ ᠬᠥᠰᠢᠭᠡᠨ ᠬᠠᠭᠠᠯᠲᠠ ᠬᠢᠵᠦ᠂ ᠮᠥᠨᠳᠥᠷ ᠰᠢᠭ ᠰᠤᠮᠤ ᠬᠠᠷᠪᠤᠨ᠂ ᠬᠠᠮᠤᠭ ᠮᠣᠷᠢᠳ ᠢ᠋ ᠬᠢᠳᠤᠭᠰᠠᠨ᠃
— ᠡᠯᠡᠰᠦᠨ ᠰᠢᠭᠤᠷᠭ᠎ᠠ ᠨᠦᠳᠦᠨ ᠬᠠᠮᠤᠭ ᠬᠥᠮᠦᠨ᠂ ᠮᠣᠷᠢ ᠶ᠋ᠢ ᠰᠣᠬᠣᠯᠤᠭᠠ ᠦᠭᠡᠢ ᠪᠣᠯ ᠪᠢᠳᠡ ᠰᠠᠢᠨ ᠲᠤᠯᠤᠯᠳᠤᠵᠤ ᠶᠠᠪᠤᠭᠰᠠᠨ᠃ ᠲᠩᠷᠢ ᠶ᠋ᠢ ᠠᠭᠤᠷᠯᠠᠭᠤᠯᠬᠤ ᠮᠠᠭᠤᠬᠠᠢ ᠶᠠᠪᠤᠳᠠᠯ ᠢ᠋ ᠬᠤᠪᠢᠯᠠᠢ ᠵᠣᠷᠢᠭᠤᠳᠠ ᠦᠢᠯᠡᠳᠦᠭᠰᠡᠨ ᠡᠴᠡ ᠡᠰᠡ ᠵᠠᠢᠯᠠᠯᠠ ᠭᠡᠵᠢ ᠤᠤ᠃
— ᠪᠠᠷᠠᠭᠤᠨ ᠭᠠᠷ ᠤ᠋ᠨ ᠮᠠᠨ ᠤ᠋ ᠴᠡᠷᠢᠭ ᠲᠡᠷᠢᠭᠦᠯᠡᠨ ᠲᠠᠰᠤᠷᠠᠵᠤ ᠣᠷᠣᠭᠰᠠᠨ ᠠ᠋ᠴᠠ ᠡᠩᠨᠡᠭᠡ ᠡᠪᠳᠡᠷᠡᠭᠰᠡᠨ᠃ ᠪᠢᠳᠡ ᠲᠣᠭ᠎ᠠ ᠪᠠᠷ ᠬᠤᠪᠢᠯᠠᠢ ᠠ᠋ᠴᠠ ᠴᠥᠭᠡᠨ ᠪᠠᠢᠬᠤ ᠳ᠋ᠤ᠌ ᠰᠤ᠂ ᠭᠡ ᠨᠠᠷ ᠤ᠋ᠨ ᠵᠠᠬᠢᠷᠤᠭᠴᠢᠳ ᠣᠩᠭᠢᠷᠠᠵᠤ ᠪᠣᠳᠣᠯᠭ᠎ᠠ ᠦᠭᠡᠢ ᠪᠡᠷ ᠳᠠᠭᠠᠷᠢᠨ ᠳᠣᠪᠲᠣᠯᠵᠤ ᠴᠡᠷᠢᠭ ᠰᠦᠢᠳᠬᠡᠭᠰᠡᠨ᠃
— ᠪᠢᠳᠡ ᠲᠤᠯᠤᠯᠳᠤᠬᠤ ᠭᠠᠵᠠᠷ ᠢ᠋ᠶ᠋ᠠᠨ ᠪᠤᠷᠤᠭᠤ ᠰᠣᠩᠭᠣᠵᠤ ᠠᠪᠤᠭᠰᠠᠨ᠃ ᠡᠯᠡᠰᠦ ᠪᠠᠭᠠᠲᠠᠢ ᠪᠠᠢᠭᠰᠠᠨ ᠪᠣᠯ
— ᠡᠯᠡᠰᠦᠨ ᠡᠴᠡ ᠪᠣᠯᠤᠭ᠎ᠠ ᠦᠭᠡᠢ᠂ ᠰᠢᠭᠤᠷᠭᠠᠨ ᠠ᠋ᠴᠠ ᠪᠣᠯᠤᠭᠰᠠᠨ᠃ ᠪᠢᠳᠡᠨ ᠦ᠌ ᠮᠣᠷᠢᠳ ᠴᠤᠴᠠᠭᠰᠠᠨ ᠪᠠᠢᠪᠠ᠃
— ᠳᠠᠭᠠᠭᠠᠮᠠᠯ ᠤ᠋ᠳ ᠬᠠᠭᠠᠨ ᠢ᠋ ᠠᠩᠬᠠᠷᠤᠭᠤᠯᠤᠨ ᠬᠡᠯᠡᠭᠰᠡᠭᠡᠷ ᠪᠠᠢᠲᠠᠯ᠎ᠠ ᠡᠩᠨᠡᠭᠡ ᠪᠡᠨ ᠳᠠᠪᠬᠤᠷᠯᠠᠬᠤ ᠦᠭᠡᠢ ᠳᠠᠭᠠᠷᠢᠭᠰᠠᠨ᠃ ᠭᠡᠨᠡᠨ ᠵᠠᠩ ᠭᠠᠷᠭᠠᠵᠤ ᠶᠠᠪᠤᠭᠠᠳ ᠢᠯᠠᠭᠳᠠᠯ᠎ᠠ ᠭᠡᠮᠡᠨ ᠮᠠᠷᠭᠤᠯᠳᠤᠵᠤ ᠪᠠᠢᠪᠠ᠃ ᠳᠣᠷᠭᠣᠨ ᠴᠢᠩᠰᠠᠩ ᠲᠡᠷᠲᠡᠭᠡ ᠬᠠᠵᠠᠭᠤᠨ ᠠ᠋ᠴᠠ ᠪᠣᠰᠴᠤ᠂ ᠶᠣᠰᠣᠷᠬᠠᠤ ᠪᠠᠢᠳᠠᠯ ᠢ᠋ᠶ᠋ᠠᠷ ᠠᠷᠢᠬᠪᠥᠶ᠋ᠬᠡ ᠡᠴᠡ ᠦᠭᠡ ᠬᠡᠯᠡᠬᠦ ᠵᠥᠪᠰᠢᠶᠡᠷᠡᠯ ᠠᠪᠴᠤ ᠪᠥᠬᠥᠢᠨ ᠬᠦᠨᠳᠦᠯᠡᠯ ᠢᠯᠡᠷᠬᠡᠢᠯᠡᠭᠡᠳ᠄
— ᠲᠠ ᠮᠢᠨᠢ ᠠ᠋! ᠪᠢᠳᠡ ᠬᠣᠭᠣᠰᠣᠨ ᠱᠤᠤᠭᠢᠵᠤ ᠮᠠᠷᠭᠤᠯᠳᠤᠭᠠᠳ ᠶᠠᠭᠠᠬᠢᠬᠤ ᠪᠣᠢ᠃ ᠪᠢᠳᠡ ᠤᠯᠠᠢ ᠳᠡᠭᠡᠷ᠎ᠡ ᠰᠠᠭᠤᠭᠰᠠᠨ ᠬᠡᠷᠢᠶ᠎ᠡ ᠪᠢᠰᠢ ᠳᠡ᠃ ᠪᠢᠳᠡ ᠬᠣᠭᠣᠷᠣᠨᠳᠣ ᠪᠠᠨ ᠣᠢᠷᠠᠬᠠᠨ ᠵᠠᠢᠲᠠᠢ ᠪᠠᠷ ᠬᠣᠶᠠᠷ ᠲᠣᠮᠣ ᠲᠤᠯᠤᠯᠳᠤᠭᠠᠨ ᠬᠢᠵᠦ ᠲᠠᠮᠢᠷᠳᠠᠯᠠ᠃ ᠣᠳᠣ ᠲᠡᠩᠬᠡᠷᠡᠬᠦ ᠶ᠋ᠢ ᠪᠣᠳᠣᠬᠤ ᠶᠣᠰᠣᠲᠠᠢ᠃ ᠢᠯᠠᠭᠳᠠᠵᠤ ᠪᠣᠯᠤᠭᠰᠠᠨ ᠶᠠᠭᠤᠮ᠎ᠠ᠂ ᠢᠯᠠᠵᠤ ᠪᠠᠰᠠ ᠪᠣᠯᠬᠤ ᠪᠣᠢ᠃ ᠪᠢᠳᠡ ᠤᠬᠠᠭᠠᠨ ᠢ᠋ᠶ᠋ᠠᠷ ᠯᠠ ᠳᠠᠢᠰᠤᠨ ᠢ᠋ ᠳᠡᠢᠯᠦᠨ᠎ᠡ᠃ ᠰᠢᠷᠭᠤᠯᠵᠢ ᠰᠢᠭ᠋ ᠣᠯᠠᠨ ᠬᠢᠲᠠᠳ ᠲᠠᠢ ᠨᠥᠬᠥᠴᠡᠭᠰᠡᠨ ᠬᠤᠪᠢᠯᠠᠢ ᠶ᠋ᠢ ᠲᠡᠢᠮᠦ ᠠᠮᠠᠷ ᠨᠤᠭᠤᠰᠤᠯᠠᠵᠤ ᠴᠢᠳᠠᠬᠤ ᠦᠭᠡᠢ ᠨᠢ ᠯᠠᠪᠲᠠᠢ ᠬᠡᠷᠡᠭ᠃ ᠣᠳᠣ ᠨᠡᠢᠰᠯᠡᠯ ᠬᠣᠲᠠ ᠪᠠᠨ ᠰᠠᠢᠨ ᠪᠡᠬᠢᠯᠡᠬᠦ ᠶᠣᠰᠣᠲᠠᠢ ᠪᠣᠯᠪᠠ᠃ ᠬᠠᠭᠠᠨᠲᠠᠨ ᠢᠩᠭᠢᠵᠦ ᠵᠠᠷᠯᠢᠭᠯᠠᠭᠠᠰᠠᠢ! ᠬᠤᠪᠢᠯᠠᠢ ᠥᠭᠡᠳᠡᠯᠡᠬᠦ ᠦᠭᠡᠢ ᠳᠡ᠃ ᠲᠡᠷᠡ ᠬᠥᠮᠦᠨ ᠶᠠᠭᠠᠬᠢᠵᠤ ᠴᠤ᠌ ᠢᠯᠠᠨ ᠲᠠᠢᠯᠵᠤ ᠶᠠᠪᠤᠯ᠎ᠠ ᠭᠡᠰᠡᠨ ᠵᠢᠷᠭᠠᠯ ᠦᠵᠡᠬᠦ ᠦᠭᠡᠢ ᠥᠩᠭᠡᠷᠡᠬᠦ ᠪᠢᠵᠡ᠃《ᠬᠠᠷ᠎ᠠ ᠰᠠᠨᠠᠭᠠᠲᠤ ᠬᠠᠳᠠ ᠮᠥᠷᠭᠥᠳᠡᠭ》 ᠵᠢᠮ᠎ᠡ ᠲᠡᠢ᠃ ᠬᠠᠮᠤᠭ ᠪᠠᠢᠳᠠᠭ ᠢ᠋ ᠬᠠᠭᠠᠯᠤᠨ ᠪᠤᠲᠠᠷᠠᠭᠠᠵᠤ ᠶᠠᠪᠤᠬᠤ ᠪᠤᠵᠠᠷ ᠦᠢᠯᠡ ᠪᠡᠨ ᠬᠤᠪᠢᠯᠠᠢ ᠡᠳ᠋ᠯᠡᠬᠦ ᠨᠢ ᠭᠠᠷᠴᠠᠭ᠎ᠠ ᠦᠭᠡᠢ᠃ ᠪᠢᠳᠡ ᠡᠶ᠎ᠡ ᠡᠪ ᠢ᠋ᠶ᠋ᠡᠨ ᠡᠷᠢᠶ᠎ᠡ ᠴᠡᠭᠡᠷ ᠦᠭᠡᠢ ᠡᠪᠳᠡᠯᠡᠪᠡᠯ ᠡᠴᠦᠰ ᠲᠡᠭᠦᠰᠬᠡᠯ ᠳ᠋ᠦ᠍ ᠪᠡᠨ ᠬᠣᠣᠷᠲᠤ ᠮᠣᠭᠠᠢ ᠶ᠋ᠢᠨ ᠬᠣᠭᠣᠯᠠ ᠪᠣᠯᠤᠨ᠎ᠠ ᠭᠡᠵᠦ ᠰᠠᠨᠠᠭᠠᠷᠠᠢ᠁ ᠭᠡᠮᠡᠨ ᠬᠡᠯᠡᠯ᠎ᠡ᠃ ᠲᠣ᠊ ᠴᠢᠩᠰᠠᠩ ᠤ᠋ᠨ ᠡᠨᠡ ᠦᠭᠡ ᠶ᠋ᠢ ᠵᠠᠷᠢᠮ ᠨᠢᠭᠡ ᠲᠦᠰᠢᠮᠡᠯ《ᠵᠥᠨᠥᠭ ᠡᠪᠦᠭᠡᠨ ᠵᠣᠷᠢᠭ ᠢ᠋ᠶ᠋ᠠᠷ ᠢ᠋ᠶ᠋ᠠᠨ ᠳᠣᠩᠭᠣᠰᠴᠤ ᠪᠠᠢᠨ᠎ᠠ》 ᠭᠡᠵᠦ ᠦᠵᠡᠪᠡ ᠪᠣᠯᠤᠯᠲᠠᠢ᠃
ᠠᠷᠢᠬᠪᠥᠶ᠋ᠬᠡ ᠡᠪᠦᠭᠡᠨ ᠲᠦᠰᠢᠮᠡᠯ ᠦ᠋ᠨ ᠦᠭᠡ ᠶ᠋ᠢ ᠲᠠᠭᠠᠯᠠᠯᠲᠠᠢ ᠤᠭᠲᠤᠨ᠂ ᠲᠡᠭᠦᠨ ᠳ᠋ᠦ᠍ ᠲᠠᠯ᠎ᠠ ᠥᠭᠴᠦ ᠮᠡᠬᠦᠢᠭᠡᠳ᠄
— ᠨᠣᠶᠠᠳ ᠮᠢᠨᠢ ᠠ᠋! ᠲᠡᠩᠬᠡᠷᠡᠬᠦ ᠶᠣᠰᠣᠲᠠᠢ ᠭᠡᠳᠡᠭ ᠦᠭᠡ ᠶ᠋ᠢ ᠰᠡᠳᠬᠢᠯ ᠦ᠋ᠨ ᠢ᠋ᠶ᠋ᠡᠨ ᠮᠤᠬᠤᠷ ᠲᠤ ᠰᠠᠨᠠᠵᠤ ᠶᠠᠪᠤᠶ᠎ᠠ! ᠭᠡᠮᠡᠨ ᠥᠭᠦᠯᠡᠵᠦ ᠪᠠᠢᠪᠠ᠃ ᠡᠨᠡ ᠪᠦᠬᠦᠨ ᠢ᠋ ᠰᠣᠨᠣᠰᠴᠤ ᠪᠠᠢᠭᠰᠠᠨ ᠪᠢᠯᠢᠭᠦᠨ
— ᠬᠠᠭᠠᠨᠲᠠᠨ ᠮᠢᠨᠢ ᠪᠣᠯᠭᠣᠭ᠎ᠠ! ᠲᠣ᠊ ᠴᠢᠩᠰᠠᠩ ᠤ᠋ᠨ ᠦᠭᠡ ᠶ᠋ᠢ ᠰᠠᠨᠠᠵᠤ ᠡᠮᠦᠨ᠎ᠡ ᠵᠦᠭ ᠲᠦ᠍ ᠣᠢᠷ᠎ᠠ᠂ ᠬᠣᠯᠠ ᠬᠠᠷᠠᠭᠤᠯ ᠭᠠᠷᠭᠠᠶ᠎ᠠ᠃ ᠪᠣᠭᠣᠯ ᠪᠢ ᠲᠡᠭᠦᠨ ᠳ᠋ᠦ᠍ ᠣᠷᠣᠯᠴᠠᠨ ᠶᠠᠪᠤᠶ᠎ᠠ ᠭᠡᠯᠡ᠃ ᠪᠢᠯᠢᠭᠦᠨ ᠦ᠌ ᠡᠨᠡ ᠦᠭᠡ ᠣᠯᠠᠨ ᠤ᠋ ᠲᠠᠭᠠᠰᠢᠶᠠᠯ ᠢ᠋ ᠬᠦᠯᠢᠶᠡᠪᠡ᠃ ᠠᠷᠢᠬᠪᠥᠶ᠋ᠬᠡ ᠣᠩᠬᠢ ᠶ᠋ᠢᠨ ᠭᠣᠣᠯ ᠤ᠋ᠨ ᠠᠳᠠᠭ᠂ ᠵᠡᠭᠦᠨ ᠪᠣᠭᠳᠠ ᠶ᠋ᠢᠨ ᠥᠪᠥᠷ᠂ ᠰᠤᠳᠠᠢ ᠠᠭᠤᠯᠠ ᠶ᠋ᠢᠨ ᠥᠪᠥᠷ ᠵᠡᠷᠭᠡ ᠭᠠᠵᠠᠷ ᠤ᠋ᠳ ᠲᠤ ᠴᠥᠭᠡᠪᠲᠦᠷ ᠬᠥᠮᠦᠨ ᠲᠡᠢ ᠬᠠᠷᠠᠭᠤᠯ ᠲᠠᠯᠪᠢᠨ᠂ ᠡᠮᠦᠨ᠎ᠡ ᠵᠦᠭ ᠡᠴᠡ ᠰᠡᠷᠭᠡᠢᠯᠡᠬᠦ ᠰᠢᠢᠳ ᠭᠠᠷᠭᠠᠯ᠎ᠠ᠃ ᠲᠡᠷᠡ ᠬᠠᠷᠠᠭᠤᠯ ᠤ᠋ᠳ ᠤ᠋ᠨ ᠳᠤᠮᠳᠠ ᠪᠢᠯᠢᠭᠦᠨ ᠡᠷᠭᠢᠭᠦᠯ ᠶᠠᠪᠤᠵᠤ᠂ ᠪᠠᠢᠳᠠᠯ ᠶᠠᠮᠠᠷ ᠪᠠᠢᠭ᠎ᠠ ᠶ᠋ᠢ ᠮᠡᠳᠡᠭᠡᠳ᠂ ᠠᠷᠢᠬᠪᠥᠶ᠋ᠬᠡ ᠪᠣᠯᠤᠨ ᠲᠡᠭᠦᠨ ᠦ᠌ ᠳᠡᠷᠭᠡᠳᠡ ᠶ᠋ᠢᠨ ᠵᠠᠩᠵᠤᠨ ᠳ᠋ᠤ᠌ ᠬᠡᠯᠡ ᠬᠦᠷᠭᠡᠵᠦ ᠪᠠᠢᠳᠠᠭ ᠪᠣᠯᠵᠠᠢ᠃
ᠴᠠᠭ ᠬᠤᠭᠤᠴᠠᠭ᠎ᠠ ᠬᠠᠷᠪᠤᠭᠰᠠᠨ ᠰᠤᠮᠤ ᠭᠡᠭᠴᠢ ᠰᠢᠭ ᠥᠩᠭᠡᠷᠡᠵᠦ ᠪᠠᠢᠯ᠎ᠠ᠃ ᠬᠤᠪᠢᠯᠠᠢ ᠶ᠋ᠢᠨ ᠵᠦᠭ ᠡᠴᠡ ᠴᠡᠷᠢᠭ ᠦ᠋ᠨ ᠲᠣᠮᠣ ᠳᠣᠪᠲᠣᠯᠭᠠᠨ ᠶᠠᠪᠤᠭᠤᠯᠤᠭᠰᠠᠨ ᠦᠭᠡᠢ᠂ ᠥᠭᠡᠷ᠎ᠡ ᠠᠷᠭ᠎ᠠ ᠪᠠᠷ ᠠᠷᠢᠬᠪᠥᠶ᠋ᠬᠡ ᠶ᠋ᠢ ᠪᠠᠭᠠᠯᠵᠠᠭᠤᠷᠳᠠᠨᠠ ᠭᠡᠵᠦ ᠲᠡᠷᠡ ᠪᠡᠷ ᠪᠣᠳᠣᠭᠰᠠᠨ ᠪᠣᠯᠤᠯᠲᠠᠢ᠃ ᠬᠠᠷᠢᠨ ᠡᠯᠳᠡᠪ ᠥᠩᠭᠡ ᠶ᠋ᠢᠨ ᠲᠤᠷᠰᠢᠭᠤᠯ ᠤ᠋ᠳ ᠲᠠᠰᠤᠷᠠᠯᠲᠠ ᠦᠭᠡᠢ ᠴᠤᠪᠤᠵᠤ ᠪᠠᠢᠪᠠ᠃ ᠡᠷᠢᠶᠡᠨ ᠣᠪᠣᠭᠠᠨ ᠤ᠋ ᠬᠠᠷᠠᠭᠤᠯ ᠳᠡᠭᠡᠷ᠎ᠡ ᠪᠢᠯᠢᠭᠦᠨ ᠢ᠋ ᠣᠴᠢᠭᠠᠳ ᠪᠠᠢᠬᠤ ᠳ᠋ᠤ᠌ ᠰᠡᠵᠢᠭᠯᠡᠭᠳᠡᠭᠰᠡᠨ ᠨᠢᠭᠡ ᠲᠥᠪᠡᠳ ᠯᠠᠮᠠ ᠪᠠᠷᠢᠭᠳᠠᠨ ᠣᠴᠢᠭᠰᠠᠨ ᠳᠣᠣᠷ᠎ᠠ ᠪᠠᠨ《ᠠᠷᠢᠬᠪᠥᠶ᠋ᠬᠡ ᠶ᠋ᠢᠨ ᠬᠡᠳᠦ ᠬᠡᠴᠢᠨᠡᠨ ᠴᠡᠷᠢᠭ ᠶᠠᠭᠤ ᠬᠢᠵᠦ ᠪᠠᠢᠭ᠎ᠠ ᠶ᠋ᠢ ᠮᠡᠳᠡᠬᠦ ᠶ᠋ᠢ ᠬᠢᠴᠢᠶᠡ᠂ ᠬᠥᠮᠦᠨ ᠣᠯᠠᠨ ᠶᠠᠭᠤ ᠶᠠᠷᠢᠵᠤ ᠪᠠᠢᠨ᠎ᠠ ᠪᠣᠢ᠂ ᠲᠡᠭᠦᠨ ᠢ᠋ ᠰᠠᠢᠨ ᠰᠣᠨᠣᠰ᠂ ᠭᠠᠳᠠᠨ᠎ᠠ ᠳᠣᠲᠣᠨ᠎ᠠ ᠶ᠋ᠢᠨ ᠬᠥᠮᠦᠰ ᠬᠤᠪᠢᠯᠠᠢ ᠬᠠᠭᠠᠨ ᠳ᠋ᠤ᠌ ᠬᠢᠷᠢ ᠰᠦᠰᠦᠭ ᠲᠡᠢ ᠪᠠᠢᠨ᠎ᠠ ᠪᠣᠢ? ᠠᠷᠢᠬᠪᠥᠶ᠋ᠬᠡ ᠳ᠋ᠦ᠍ ᠬᠥᠮᠦᠰ ᠦ᠋ᠨ ᠠᠮᠠ ᠶᠠᠮᠠᠷ ᠰᠢᠦ ᠪᠠᠢᠨ᠎ᠠ? ᠲᠡᠷᠡ ᠪᠦᠬᠦᠨ ᠢ᠋ ᠮᠡᠳᠡᠵᠦ ᠠᠪ᠃ ᠰᠦᠮ᠎ᠡ ᠳ᠋ᠦ᠍ ᠰᠠᠭᠤᠳᠠᠭ ᠯᠠᠮᠠ ᠨᠠᠷ ᠢ᠋〈ᠬᠤᠪᠢᠯᠠᠢ ᠬᠠᠭᠠᠨ ᠤ᠋ ᠲᠥᠯᠥᠭᠡ ᠵᠠᠯᠪᠠᠷᠢᠵᠤ ᠪᠠᠢᠬᠤ ᠨᠢ ᠠᠮᠢ ᠨᠠᠰᠤᠨ ᠳ᠋ᠤ᠌ ᠠᠪᠤᠷᠠᠯ ᠲᠠᠢ〉 ᠭᠡᠵᠦ ᠣᠯᠠᠨ ᠠᠮᠢᠲᠠᠨ ᠳ᠋ᠤ᠌ ᠬᠡᠯᠡᠵᠦ ᠪᠠᠢ ᠭᠡᠵᠦ ᠵᠥᠪᠯᠡᠨ᠂ ᠡᠨᠡ ᠬᠡᠷᠡᠭ ᠢ᠋ ᠭᠦᠢᠴᠡᠯᠳᠦᠭᠦᠯᠦᠭᠡᠳ ᠳᠠᠷᠤᠢ ᠨᠠᠭᠠᠰᠢ ᠪᠠᠨ ᠡᠷᠭᠢᠨ ᠢᠷ᠎ᠡ! ᠱᠠᠩ ᠬᠦᠷᠲᠡᠭᠡᠨ᠎ᠡ》 ᠭᠡᠰᠡᠨ ᠭᠡᠵᠦ ᠥᠴᠢᠯ᠎ᠡ᠃
ᠪᠠᠰᠠ ᠨᠢᠭᠡ 《ᠠᠯᠳᠠᠭᠤᠯ ᠲᠡᠮᠡᠭᠡ ᠡᠷᠢᠵᠦ ᠶᠠᠪᠤᠭ᠎ᠠ》 ᠭᠡᠰᠡᠨ ᠮᠣᠷᠢᠲᠠᠨ ᠡᠷ᠎ᠡ ᠶ᠋ᠢ ᠰᠡᠵᠢᠭᠯᠡᠨ ᠪᠠᠷᠢᠵᠤ ᠪᠠᠢᠴᠠᠭᠠᠪᠠᠯ᠂ ᠲᠡᠷᠡ ᠪᠡᠷ ᠭᠣᠷᠯᠣᠰ ᠡᠷ᠎ᠡ ᠲᠤᠷᠰᠢᠭᠤᠯ ᠢ᠋ᠶ᠋ᠠᠷ ᠱᠠᠩᠳᠤ ᠬᠣᠲᠠ ᠠ᠋ᠴᠠ ᠮᠣᠷᠳᠠᠭᠰᠠᠨ ᠢ᠋ᠶ᠋ᠠᠨ ᠬᠦᠯᠢᠶᠡᠵᠦ《ᠨᠠᠮᠠᠶ᠋ᠢ ᠠᠷᠢᠬᠪᠥᠶ᠋ᠬᠡ ᠶ᠋ᠢᠨ ᠴᠡᠷᠢᠭ ᠬᠠᠮᠢᠭ᠎ᠠ ᠶᠠᠮᠠᠷ ᠭᠠᠵᠠᠷ ᠰᠠᠭᠤᠵᠤ ᠪᠠᠢᠭ᠎ᠠ ᠶ᠋ᠢ ᠮᠡᠳᠡ᠂ ᠬᠠᠷᠠᠬᠣᠷᠣᠮ ᠣᠷᠣᠬᠤ ᠬᠡᠷᠡᠭ ᠦᠭᠡᠢ᠂ ᠲᠡᠭᠦᠨ ᠡᠴᠡ ᠨᠠᠭᠠᠭᠤᠷ ᠪᠠᠢᠭ᠎ᠠ ᠴᠡᠷᠢᠭ ᠦ᠋ᠳ ᠢ᠋ ᠠᠵᠢᠭᠯᠠ》 ᠭᠡᠰᠡᠨ ᠭᠡᠵᠦ ᠥᠴᠢᠯ᠎ᠡ᠃ ᠡᠢᠮᠦ ᠲᠤᠷᠰᠢᠭᠤᠯ ᠪᠠᠷᠤᠭ ᠬᠠᠷᠠᠭᠤᠯ ᠤ᠋ᠨ ᠠᠩᠭᠢ ᠪᠦᠬᠦᠢ ᠳᠡᠭᠡᠷ᠎ᠡ ᠠᠷᠪᠠ ᠲᠠᠪᠤ ᠪᠠᠷ ᠢ᠋ᠶ᠋ᠠᠨ ᠪᠠᠷᠢᠭᠳᠠᠭᠰᠠᠨ ᠪᠠᠢᠨ᠎ᠠ᠃ ᠬᠤᠳᠠᠯᠳᠤᠭᠠᠴᠢᠨ᠂ ᠮᠠᠯ ᠡᠷᠢᠭᠰᠡᠨ᠂ ᠵᠢᠩ ᠲᠡᠭᠡᠭᠡᠵᠦ ᠶᠠᠪᠤᠭ᠎ᠠ᠂ ᠮᠥᠷᠭᠥᠯ ᠡᠷᠭᠢᠯ ᠬᠢᠵᠦ ᠶᠠᠪᠤᠭ᠎ᠠ ᠭᠡᠬᠦᠴᠢᠯᠡᠨ ᠦᠭᠡ ᠶ᠋ᠢ ᠲᠡᠳᠡ ᠬᠡᠯᠡᠵᠦ ᠪᠠᠢᠯ᠎ᠠ᠃ ᠡᠳᠡᠭᠡᠷ ᠲᠤᠷᠰᠢᠭᠤᠯ ᠤ᠋ᠳ ᠠᠷᠢᠬᠪᠥᠶ᠋ᠬᠡ ᠶ᠋ᠢᠨ ᠪᠠᠢᠳᠠᠯ᠂ ᠬᠠᠷᠠᠬᠣᠷᠣᠮ ᠤ᠋ᠨ ᠠᠮᠢᠵᠢᠷᠠᠭ᠎ᠠ᠂ ᠨᠤᠲᠤᠭ ᠣᠷᠣᠨ ᠤ᠋ ᠨᠡᠢᠲᠡ ᠬᠥᠮᠦᠰ ᠦ᠋ᠨ ᠰᠠᠨᠠᠭ᠎ᠠ ᠪᠣᠳᠣᠯ ᠢ᠋ ᠮᠡᠳᠡᠬᠦ ᠭᠡᠰᠡᠨ ᠲᠤᠰᠢᠶᠠᠯ ᠢ᠋ ᠬᠤᠪᠢᠯᠠᠢ ᠶ᠋ᠢᠨ ᠲᠦᠰᠢᠮᠡᠳ ᠨᠠᠷ ᠠ᠋ᠴᠠ ᠬᠦᠯᠢᠶᠡᠭᠰᠡᠨ ᠪᠠᠢᠪᠠ᠃ ᠪᠠᠷᠢᠭᠳᠠᠭᠰᠠᠨ ᠪᠦᠬᠦ ᠲᠤᠷᠰᠢᠭᠤᠯ ᠤ᠋ᠳ ᠢ᠋ ᠨᠡᠢᠰᠯᠡᠯ ᠳ᠋ᠦ᠍ ᠬᠥᠷᠭᠡᠭᠦᠯᠦᠨ ᠪᠠᠢᠴᠠᠭᠠᠯᠭᠠᠵᠤ᠂ ᠶᠠᠯ᠎ᠠ ᠨᠣᠭᠳᠠᠭᠤᠯᠤᠨ ᠰᠢᠢᠳᠬᠡᠵᠦ ᠪᠠᠢᠯ᠎ᠠ᠃
ᠠᠷᠢᠬᠪᠥᠶ᠋ᠬᠡ ᠬᠣᠶᠠᠷ ᠳᠠᠬᠢᠨ ᠲᠤᠯᠤᠯᠳᠤᠭᠠᠨ ᠬᠢᠭᠡᠳ ᠢᠯᠠᠭᠳᠠᠵᠤ ᠲᠠᠮᠲᠤᠭ ᠢ᠋ᠶ᠋ᠠᠨ ᠴᠠᠢᠵᠤ ᠶᠠᠪᠤᠭ᠎ᠠ ᠪᠣᠯᠬᠣᠷ ᠬᠤᠪᠢᠯᠠᠢ ᠳ᠋ᠤ᠌ ᠬᠣᠷᠣᠰᠬᠤ ᠨᠢ ᠪᠦᠷ ᠳᠠᠭᠠᠭᠠᠮᠵᠢᠷᠠᠨ᠂ ᠲᠡᠭᠦᠨ ᠢ᠋ ᠪᠣᠳᠣᠬᠤ ᠠ᠋ᠴᠠ ᠵᠦᠭᠡᠷ ᠰᠠᠭᠤᠬᠤ ᠶ᠋ᠢᠨ ᠠᠷᠭ᠎ᠠ ᠦᠭᠡᠢ ᠪᠣᠯᠳᠠᠭ ᠠᠵᠢ᠃ ᠡᠨᠡ ᠤᠴᠢᠷ ᠠ᠋ᠴᠠ ᠢᠷᠡᠵᠦ ᠪᠠᠢᠭ᠎ᠠ ᠡᠪᠦᠯ ᠡᠴᠡ ᠪᠡᠨ ᠡᠬᠢᠯᠡᠨ ᠴᠠᠭ ᠴᠠᠭ ᠲᠤ ᠪᠠᠭ᠎ᠠ᠂ ᠪᠠᠭᠠᠪᠲᠤᠷ ᠬᠡᠮᠵᠢᠶᠡᠨ ᠦ᠌ ᠳᠣᠪᠲᠣᠯᠭᠠᠨ ᠢ᠋ ᠱᠠᠩᠳᠤ ᠶ᠋ᠢᠨ ᠵᠦᠭ ᠬᠢᠵᠦ᠂ ᠥᠳᠥᠵᠦ ᠬᠠᠳᠬᠤᠬᠤ᠂ ᠲᠤᠷᠰᠢᠨ ᠪᠠᠢᠯᠳᠤᠬᠤ ᠳ᠋ᠤ᠌ ᠲᠡᠭᠦᠨ ᠳ᠋ᠦ᠍ ᠠᠮᠤᠷ ᠵᠠᠶᠠᠭ᠎ᠠ ᠦᠵᠡᠭᠦᠯᠬᠦ ᠦᠭᠡᠢ ᠪᠠᠢᠬᠤ ᠭᠡᠵᠦ ᠪᠣᠳᠣᠵᠠᠢ᠃ ᠡᠨᠡ ᠨᠢ ᠬᠤᠪᠢᠯᠠᠢ ᠶ᠋ᠢ ᠳᠠᠷᠤᠢ ᠲᠦᠷᠭᠡᠨ ᠢᠯᠠᠨ ᠳᠡᠢᠯᠦᠨ᠎ᠡ ᠭᠡᠰᠡᠨ ᠳ᠋ᠦ᠍ ᠪᠡᠨ ᠪᠢᠰᠢ᠂ ᠬᠣᠷᠣᠰᠤᠭᠰᠠᠨ ᠰᠡᠳᠬᠢᠯ ᠢ᠋ᠶ᠋ᠡᠨ ᠴᠠᠢᠯᠭᠠᠬᠤ ᠭᠡᠰᠡᠨ ᠣᠷᠣᠯᠳᠣᠯᠭ᠎ᠠ ᠲᠡᠳᠦᠢ ᠪᠠᠢᠯ᠎ᠠ᠃ ᠤᠷᠢᠳ ᠤ᠋ᠨ ᠠᠳᠠᠯᠢ ᠲᠣᠮᠣ ᠳᠣᠪᠲᠣᠯᠭᠠᠨ ᠶᠠᠪᠤᠭᠤᠯᠵᠤ ᠲᠤᠯᠤᠯᠳᠤᠬᠤ ᠬᠦᠴᠦ ᠴᠦ᠍ ᠠᠷᠢᠬᠪᠥᠶ᠋ᠬᠡ ᠳ᠋ᠦ᠍ ᠪᠠᠢᠬᠤ ᠦᠭᠡᠢ ᠪᠣᠯᠤᠭᠰᠠᠨ ᠠᠵᠢ᠃ ᠬᠥᠰᠢᠭᠡᠨ ᠠᠭᠤᠯᠠ ᠶ᠋ᠢᠨ ᠲᠡᠢᠨ ᠦ᠌ ᠳᠠᠷᠠᠭ᠎ᠠ ᠲᠡᠭᠦᠨ ᠦ᠌ ᠴᠡᠷᠢᠭ ᠳᠠᠬᠢᠨ ᠪᠦᠷᠢᠨ ᠢ᠋ᠶ᠋ᠡᠷ ᠡᠮᠬᠢᠯᠡᠬᠦ ᠠᠷᠭ᠎ᠠ ᠦᠭᠡᠢ ᠪᠣᠯᠲᠠᠯ᠎ᠠ ᠰᠠᠷᠨᠢᠨ ᠪᠤᠲᠠᠷᠠᠵᠤ ᠦᠯᠡᠮᠵᠢ ᠬᠡᠰᠡᠭ ᠨᠢ ᠬᠢᠳᠤᠭᠤᠯᠤᠨ᠂ ᠪᠠᠰᠠ ᠨᠡᠯᠢᠶᠡᠳ ᠨᠢ ᠤᠷᠭᠤᠨ ᠵᠠᠢᠯᠠᠭᠰᠠᠨ ᠪᠣᠯᠬᠣᠷ ᠲᠡᠳᠡᠨ ᠢ᠋ ᠡᠷᠭᠢᠭᠦᠯᠦᠨ ᠠᠪᠬᠤ ᠲᠡᠩᠬᠡᠭᠡ ᠦᠭᠡᠢ ᠪᠣᠯᠵᠠᠢ᠃
ᠠᠷᠢᠬᠪᠥᠶ᠋ᠬᠡ ᠶ᠋ᠢᠨ ᠬᠠᠷᠢᠶᠠᠯᠠᠨ ᠪᠣᠢ ᠮᠣᠩᠭᠣᠯ ᠨᠤᠲᠤᠭ ᠴᠦ᠍ ᠴᠡᠷᠢᠭ ᠡᠷ᠎ᠡ ᠴᠥᠭᠡᠨ ᠲᠡᠢ᠂ ᠬᠠᠷ᠎ᠠ ᠨᠣᠬᠠᠢ ᠵᠢᠯ ᠦ᠋ᠨ ᠵᠤᠳ ᠲᠤ ᠮᠠᠯ ᠢ᠋ᠶ᠋ᠠᠨ ᠣᠯᠠᠨ ᠢ᠋ᠶ᠋ᠠᠷ ᠦᠬᠦᠭᠦᠯᠦᠭᠰᠡᠨ᠂ ᠪᠠᠰᠠ ᠡᠮᠦᠨᠡᠲᠦ ᠬᠢᠲᠠᠳ ᠢ᠋ ᠪᠠᠢᠯᠳᠤᠨ ᠳᠠᠭᠠᠭᠤᠯᠬᠤ ᠬᠡᠷᠡᠭ ᠲᠦ᠍ ᠪᠠᠷᠤᠭ ᠵᠠᠯᠠᠭᠤ᠂ ᠢᠳᠡᠷ ᠨᠠᠰᠤᠨ ᠤ᠋ ᠡᠷᠡᠴᠦᠳ ᠨᠢ ᠳᠠᠢᠴᠢᠯᠠᠭᠳᠠᠨ ᠶᠠᠪᠤᠭᠰᠠᠨ ᠵᠡᠷᠭᠡ ᠡᠴᠡ ᠤᠯᠤᠰ ᠣᠷᠣᠨ ᠶᠡᠬᠡᠳᠡ ᠲᠠᠮᠢᠷᠳᠠᠭᠰᠠᠨ ᠪᠠᠢᠳᠠᠯᠲᠠᠢ᠂ ᠲᠡᠷᠡ ᠲᠡᠩᠬᠡᠭᠡ ᠰᠤᠯᠠᠷᠠᠭᠰᠠᠨ ᠬᠠᠮᠤᠭ ᠭᠠᠢ ᠶ᠋ᠢ ᠬᠠᠷᠠᠬᠣᠷᠣᠮ ᠬᠣᠲᠠ ᠳ᠋ᠤ᠌ ᠲᠥᠪᠯᠡᠷᠡᠭᠰᠡᠨ ᠵᠠᠰᠠᠭᠯᠠᠯ ᠤ᠋ᠨ ᠭᠠᠵᠠᠷ ᠡᠭᠦᠷᠴᠦ ᠪᠠᠢᠯ᠎ᠠ᠃ ᠡᠢᠮᠦ ᠨᠥᠬᠥᠴᠡᠯ ᠳ᠋ᠦ᠍ ᠠᠷᠢᠬᠪᠥᠶ᠋ᠬᠡ ᠰᠢᠨ᠎ᠡ ᠪᠡᠷ ᠶᠡᠬᠡ ᠴᠡᠷᠢᠭ ᠡᠮᠬᠢᠯᠡᠨ ᠪᠠᠢᠭᠤᠯᠬᠤ ᠠᠷᠭ᠎ᠠ ᠦᠭᠡᠢ ᠪᠣᠯᠵᠠᠢ᠃ ᠨᠥᠭᠦᠭᠡ ᠲᠠᠯ᠎ᠠ ᠪᠠᠷ ᠡᠨᠡ ᠨᠣᠶᠠᠨ 《ᠪᠢ ᠣᠯᠠᠨ ᠲᠦᠮᠡᠨ ᠳ᠋ᠦ᠍ ᠪᠡᠨ ᠶᠡᠬᠡ ᠭᠠᠮᠰᠢᠭ ᠲᠠᠷᠢᠵᠤ ᠶᠠᠪᠤᠨ᠎ᠠ》 ᠭᠡᠵᠦ ᠥᠪᠡᠷ ᠢ᠋ ᠪᠡᠨ ᠵᠢᠮᠡᠯᠡᠳᠡᠭ᠂ ᠡᠨᠡ ᠦᠭᠡ ᠪᠡᠨ ᠪᠤᠰᠤᠳ ᠲᠤ ᠬᠡᠯᠡᠳᠡᠭ᠃ ᠲᠡᠭᠡᠭᠡᠳ ᠰᠠᠨᠠᠭ᠎ᠠ ᠰᠡᠳᠬᠢᠯ ᠦ᠋ᠨ ᠬᠤᠪᠢ ᠳ᠋ᠤ᠌ ᠨᠠᠯᠢᠶᠠᠨ ᠭᠤᠳᠤᠷᠠᠭᠰᠠᠨ ᠶᠠᠩᠵᠤᠲᠠᠢ ᠪᠣᠯᠤᠭᠰᠠᠨ ᠨᠢ ᠲᠡᠭᠦᠨ ᠦ᠌ ᠨᠢᠭᠤᠷ ᠲᠤ ᠲᠣᠳᠣᠷᠠᠨ᠎ᠠ᠃
ᠬᠥᠰᠢᠭᠡᠨ ᠠᠭᠤᠯᠠ ᠶ᠋ᠢᠨ ᠲᠤᠯᠤᠯᠳᠤᠭᠠᠨ ᠠ᠋ᠴᠠ ᠬᠣᠢᠰᠢ ᠭᠤᠷᠪᠠᠨ ᠵᠢᠯ ᠭᠠᠷᠤᠢ ᠬᠤᠪᠢᠯᠠᠢ ᠥᠪᠡᠷ ᠲᠦ᠍ ᠪᠡᠨ ᠠᠰᠢᠭᠲᠠᠢ ᠪᠠᠷ ᠢᠯᠡ᠂ ᠳᠠᠯᠳᠠ ᠶᠠᠪᠤᠭᠤᠯᠤᠭᠰᠠᠨ ᠬᠠᠷ᠎ᠠ ᠬᠣᠷᠣᠮ ᠤ᠋ᠨ ᠡᠰᠡᠷᠭᠦ ᠶᠠᠪᠤᠭᠤᠯᠭ᠎ᠠ ᠨᠤᠭᠤᠳ ᠲᠠᠢ ᠰᠢᠭᠤᠳ ᠬᠣᠯᠪᠣᠭ᠎ᠠ ᠲᠠᠢ ᠨᠢ ᠢᠯᠡᠷᠬᠡᠢ ᠪᠠᠢᠪᠠ᠃ ᠬᠤᠪᠢᠯᠠᠢ ᠤᠯᠤᠰ ᠤ᠋ᠨ ᠲᠥᠪ ᠨᠡᠢᠰᠯᠡᠯ ᠢ᠋ ᠬᠠᠷ᠎ᠠ ᠬᠣᠷᠣᠮ ᠠ᠋ᠴᠠ ᠱᠠᠩᠳᠤ ᠳ᠋ᠤ᠌ ᠨᠡᠭᠦᠯᠭᠡᠨ ᠠᠪᠠᠴᠢᠯ᠎ᠠ ᠭᠡᠵᠦ ᠳᠡᠯᠡᠬᠡᠢ ᠨᠡᠢᠲᠡ ᠳ᠋ᠦ᠍ ᠵᠠᠷᠯᠠᠵᠤ᠂ ᠪᠠᠷᠠᠭᠤᠨ ᠪᠣᠯᠤᠨ ᠪᠠᠷᠠᠭᠤᠨ ᠳᠤᠮᠳᠠᠳᠤ ᠣᠷᠣᠨ ᠨᠤᠭᠤᠳ᠂ ᠣᠷᠣᠰ ᠭᠠᠵᠠᠷ᠂ ᠳᠠᠯᠠᠢ ᠶ᠋ᠢᠨ ᠪᠤᠰᠤᠳ ᠣᠷᠣᠨ ᠠ᠋ᠴᠠ ᠢᠷᠡᠳᠡᠭ ᠣᠯᠠᠨ ᠲᠣᠭᠠᠨ ᠤ᠋ ᠠᠶᠠᠯᠠᠯ ᠵᠢᠭᠤᠯᠴᠢᠯᠠᠯ᠂《ᠲᠣᠷᠭᠠᠨ》 ᠵᠠᠮ ᠤ᠋ᠨ ᠬᠤᠳᠠᠯᠳᠤᠭᠠᠴᠢᠨ᠂ ᠡᠯᠴᠢ ᠵᠠᠷᠤᠯᠭ᠎ᠠ ᠵᠡᠷᠭᠡ ᠶ᠋ᠢ ᠬᠠᠷ᠎ᠠ ᠬᠣᠷᠣᠮ ᠳ᠋ᠤ᠌ ᠢᠷᠡᠬᠦ ᠶ᠋ᠢ ᠨᠢ ᠬᠠᠭᠠᠵᠤ ᠬᠠᠷᠠᠭᠤᠯ ᠭᠠᠷᠭᠠᠨ ᠪᠣᠭᠣᠭᠠᠳ ᠠᠯᠲᠠᠢ ᠶ᠋ᠢᠨ ᠴᠠᠭᠠᠭᠤᠷ《ᠴᠦᠯ》 ᠦ᠋ᠨ ᠵᠠᠮ ᠢ᠋ᠶ᠋ᠠᠷ ᠶᠠᠪᠤᠭᠠᠳ ᠱᠠᠩᠳᠤ ᠳ᠋ᠤ᠌ ᠣᠴᠢᠳᠠᠭ ᠪᠣᠯᠭᠠᠨ ᠲᠡᠭᠡᠵᠦ ᠠᠶᠠᠯᠠᠨ ᠶᠠᠪᠤᠭ᠎ᠠ ᠬᠥᠮᠦᠰ ᠢ᠋ ᠬᠤᠪᠢᠯᠠᠢ ᠢᠯᠡ ᠳᠠᠯᠳᠠ ᠪᠠᠢᠳᠠᠯ ᠢ᠋ᠶ᠋ᠠᠷ ᠬᠥᠬᠢᠭᠦᠯᠦᠨ ᠳᠡᠮᠵᠢᠳᠡᠭ ᠪᠣᠯᠤᠭᠰᠠᠨ ᠨᠢ ᠠᠷᠢᠬᠪᠦ᠋ᠬᠡ ᠶ᠋ᠢ ᠪᠣᠭᠣᠵᠤ ᠲᠣᠨᠲᠣᠢᠯᠭᠠᠬᠤ ᠭᠡᠰᠡᠨ ᠡᠨᠡ ᠨᠣᠶᠠᠨ ᠤ᠋ ᠰᠡᠳᠬᠢᠯ ᠳ᠋ᠦ᠍ ᠪᠦᠷᠢᠯᠳᠦᠭᠰᠡᠨ ᠨᠢᠭᠡ ᠭᠣᠣᠯ ᠠᠷᠭ᠎ᠠ ᠪᠠᠢᠯ᠎ᠠ᠃ ᠢᠩᠭᠢᠬᠦ ᠶ᠋ᠢ ᠸᠠᠩ ᠦ᠂ ᠵᠣᠣ ᠪᠢ᠂ ᠬᠣᠣ ᠵᠢᠩ ᠨᠠᠷ ᠵᠥᠪᠯᠡᠭᠰᠡᠨ ᠠᠵᠢ᠃ ᠪᠠᠢᠳᠠᠯ ᠡᠢᠮᠦ ᠪᠣᠯᠬᠣᠷ ᠨᠡᠢᠰᠯᠡᠯ ᠬᠠᠷ᠎ᠠ ᠬᠣᠷᠣᠮ ᠳ᠋ᠤ᠌ ᠶᠠᠭᠤᠮ᠎ᠠ ᠶᠠᠭᠤᠮ᠎ᠠ ᠬᠣᠮᠰᠠᠳᠴᠤ᠂ ᠬᠥᠮᠦᠨ ᠣᠯᠠᠨ ᠤ᠋ ᠰᠠᠨᠠᠭ᠎ᠠ ᠰᠡᠳᠬᠢᠯ᠂ ᠤᠷᠮ᠎ᠠ ᠵᠣᠷᠢᠭ ᠮᠠᠭᠤᠲᠠᠢ ᠪᠣᠯᠪᠠ᠃ ᠬᠣᠲᠠ ᠶ᠋ᠢᠨ ᠶᠡᠬᠡ ᠬᠡᠷᠡᠮ ᠦ᠋ᠨ ᠳᠥᠷᠪᠡᠨ ᠬᠠᠭᠠᠯᠭᠠᠨ ᠤ᠋ ᠭᠠᠳᠠᠭ᠎ᠠ ᠫᠢᠵᠢᠭᠢᠨᠡᠵᠦ ᠪᠠᠢᠳᠠᠭ ᠬᠤᠳᠠᠯᠳᠤᠭᠠᠨ ᠤ᠋ ᠵᠠᠬ᠎ᠠ ᠬᠣᠨᠣᠭ ᠬᠣᠨᠣᠭ ᠢ᠋ᠶ᠋ᠠᠷ ᠠᠶᠠᠨᠳᠠᠭᠠᠨ ᠬᠤᠮᠢᠭᠳᠠᠨ᠂ ᠲᠡᠨᠳᠡ ᠴᠥᠭᠡᠨ ᠲᠣᠭᠠᠨ ᠤ᠋ ᠮᠠᠯ ᠬᠤᠳᠠᠯᠳᠤᠬᠤ ᠭᠡᠰᠡᠨ ᠬᠥᠮᠦᠰ᠂ ᠳᠠᠪᠤᠰᠤ ᠬᠤᠵᠢᠷ ᠤ᠋ᠨ ᠮᠠᠢᠮᠠᠢᠴᠢᠨ᠂ ᠠᠢᠷᠠᠭ ᠴᠠᠭ᠎ᠠ ᠠᠶᠠᠭᠠᠯᠠᠨ ᠬᠤᠳᠠᠯᠳᠤᠳᠠᠭ ᠴᠥᠭᠡᠨ ᠴᠢᠪᠠᠭᠠᠨᠴᠠ ᠨᠠᠷ ᠯᠠ ᠲᠠᠮᠢᠷ ᠮᠠᠭᠤᠲᠠᠢ ᠳᠠᠭᠤ ᠪᠠᠷ ᠬᠤᠳᠠᠯᠳᠤᠭ᠎ᠠ ᠪᠠᠨ ᠳᠠᠭᠤᠳᠠᠵᠤ ᠪᠠᠢᠯ᠎ᠠ᠃ ᠪᠢᠯᠢᠭᠦᠨ ᠬᠠᠷ᠎ᠠ ᠬᠣᠷᠣᠮ ᠳ᠋ᠤ᠌ ᠲᠦᠷ ᠢᠷᠡᠭᠡᠳ ᠮᠣᠷᠢᠨᠱᠠᠭᠠᠢ ᠶ᠋ᠢ ᠳᠠᠭᠠᠭᠤᠯᠤᠨ ᠨᠢᠭᠡ ᠤᠳᠠᠭ᠎ᠠ ᠵᠠᠬ᠎ᠠ ᠪᠠᠷ ᠶᠠᠪᠤᠬᠤ ᠳ᠋ᠤ᠌ ᠪᠠᠨ ᠤᠷᠢᠳ ᠤ᠋ᠨ ᠪᠠᠶᠠᠨ ᠪᠠᠢᠭᠰᠠᠨ ᠪᠠᠢᠳᠠᠯ ᠢ᠋ ᠳᠤᠷᠠᠰᠤᠨ ᠶᠠᠷᠢᠯᠴᠠᠪᠠ᠃ ᠪᠢᠯᠢᠭᠦᠨ ᠰᠢᠷᠣᠢ ᠲᠠᠢ ᠪᠣᠷᠣ ᠳᠠᠪᠤᠰᠤ ᠲᠠᠭᠠᠷ ᠤ᠋ᠨ ᠲᠡᠮᠪᠦᠦ(ᠲᠣᠮᠣ ᠤᠭᠤᠲᠠ) ᠳᠡᠭᠡᠷ᠎ᠡ ᠳᠡᠯᠭᠡᠵᠦ ᠲᠠᠯᠪᠢᠭᠠᠳ ᠬᠤᠳᠠᠯᠳᠤᠭ᠎ᠠ ᠬᠢᠬᠦ ᠰᠠᠨᠠᠭᠠᠲᠠᠢ ᠪᠠᠢᠭ᠎ᠠ ᠨᠢᠭᠡᠨ ᠡᠮᠡᠭᠡᠨ ᠢ᠋ ᠬᠠᠷᠠᠭᠠᠳ ᠰᠠᠨᠠᠭ᠎ᠠ ᠠᠯᠳᠠᠭᠰᠠᠨ ᠢ᠋ᠶ᠋ᠠᠨ ᠭᠡᠷᠭᠡᠢ ᠳ᠋ᠦ᠍ ᠪᠡᠨ ᠬᠠᠨᠳᠤᠵᠤ᠄
— ᠬᠥᠭᠡᠷᠦᠬᠦᠢ ᠪᠣᠯᠵᠤ ᠳᠠ᠃ ᠶᠠᠭᠤᠮ᠎ᠠ ᠶᠠᠭᠠᠬᠢᠭᠰᠠᠨ ᠠᠮᠠᠷᠬᠠᠨ ᠬᠤᠪᠢᠷᠠᠨ᠎ᠠ ᠪᠣᠢ᠃ ᠡᠨᠡ ᠵᠠᠬ᠎ᠠ ᠶ᠋ᠢ ᠡᠢᠮᠦ ᠶᠠᠳᠠᠭᠤ ᠪᠣᠯᠤᠨ᠎ᠠ ᠭᠡᠵᠦ ᠭᠤᠷᠪᠠ ᠳᠥᠷᠪᠡᠨ ᠵᠢᠯ ᠦ᠋ᠨ ᠡᠮᠦᠨ᠎ᠡ ᠬᠡᠨ ᠨᠢᠭᠡ ᠨᠢ ᠬᠡᠯᠡᠭᠰᠡᠨ ᠪᠣᠯ ᠲᠡᠭᠦᠨ ᠢ᠋ ᠮᠠᠭᠤ ᠢᠷᠣ᠎ᠠ ᠢᠷᠣᠯᠠᠯᠠ ᠭᠡᠵᠦ ᠪᠠᠷᠢᠭᠠᠳ ᠵᠣᠳᠣᠬᠤ ᠰᠢᠬᠠᠬᠤ ᠪᠠᠢᠭᠰᠠᠨ ᠪᠢᠵᠡ ᠳᠡ᠃
— ᠬᠡᠯᠡᠬᠦ ᠶ᠋ᠢᠨ ᠠᠷᠭ᠎ᠠ ᠠᠯᠠᠭ᠎ᠠ᠃ ᠯᠤᠤᠰ ᠤ᠋ᠨ ᠰᠠᠩ ᠭᠡᠭᠴᠢ ᠨᠢ ᠡᠢᠮᠦ ᠪᠠᠢᠳᠠᠭ ᠪᠠᠢᠬᠤ ᠭᠡᠮᠡᠷ ᠲᠣᠷᠭ᠎ᠠ ᠬᠣᠷᠭᠣᠢ᠂ ᠢᠳᠡᠭᠡ ᠪᠤᠳᠠᠭ᠎ᠠ᠂ ᠰᠢᠬᠢᠷ ᠵᠢᠮᠢᠰ᠂ ᠮᠠᠯ ᠠᠬᠤᠢ᠂ ᠠᠢᠷᠠᠭ ᠴᠠᠭ᠎ᠠ ᠭᠠᠵᠠᠷ ᠰᠠᠢ ᠦᠭᠡᠢ ᠳᠡᠯᠭᠡᠭᠡᠰᠦᠲᠡᠢ᠃《ᠠᠪᠤᠭᠠᠴᠢ》᠂《ᠬᠤᠳᠠᠯᠳᠤᠨ ᠠᠪᠤᠭᠠᠴᠢ》᠂《ᠬᠢᠮᠳᠠᠬᠠᠨ ᠰᠢᠦ》 ᠭᠡᠳ ᠯᠡ ᠬᠠᠷᠠᠭᠰᠠᠨ ᠵᠦᠭ ᠪᠦᠬᠦᠨ ᠳ᠋ᠦ᠍ ᠬᠤᠳᠠᠯᠳᠤᠭᠠᠴᠢᠳ ᠬᠠᠰᠬᠢᠷᠤᠯᠳᠤᠵᠤ ᠪᠠᠢᠳᠠᠭ ᠰᠠᠨ᠃
— ᠲᠡᠢᠮᠦ ᠠ᠋᠃ ᠪᠢᠳᠡ ᠲᠡᠷᠡ ᠳᠤᠮᠳᠠ ᠴᠢᠨᠢ ᠰᠡᠬᠡᠭᠦᠨ ᠵᠠᠩᠲᠠᠢ᠂ ᠬᠢᠷᠢ ᠶ᠋ᠢᠨ ᠶᠠᠭᠤᠮ᠎ᠠ ᠶ᠋ᠢ ᠨᠢᠳᠦᠨ ᠦ᠌ ᠪᠡᠨ ᠪᠤᠯᠤᠩ ᠢ᠋ᠶ᠋ᠠᠷ ᠴᠦ᠍ ᠬᠠᠷᠠᠬᠤ ᠦᠭᠡᠢ ᠠᠯᠬᠤᠵᠤ ᠪᠠᠢᠭᠰᠠᠨ ᠳᠠ᠃
— ᠲᠡᠷᠡ ᠶᠡᠷᠦ ᠨᠢ ᠬᠡᠨ ᠦ᠌ ᠪᠤᠶᠠᠨ ᠪᠠᠢᠭ᠎ᠠ ᠪᠣᠢ? ᠳᠡᠭᠡᠳᠦᠰ ᠦ᠋ᠳ ᠦ᠋ᠨ ᠮᠠᠨᠢ ᠠᠪᠤᠷᠠᠯ ᠪᠠᠢᠭᠰᠠᠨ᠃ ᠡᠨᠡ ᠬᠣᠲᠠ ᠨᠡᠢᠰᠯᠡᠯ ᠪᠠᠢᠭᠰᠠᠨ ᠪᠣᠯᠬᠣᠷ ᠭᠠᠳᠠᠭᠠᠳᠤ ᠶ᠋ᠢᠨ ᠣᠯᠠᠨ ᠬᠥᠯ ᠦ᠋ᠨ ᠠᠮᠢᠲᠠᠳ ᠡᠭᠦᠨ ᠢ᠋ᠶ᠋ᠡᠷ ᠵᠠᠮᠨᠠᠨ᠂ ᠠᠯᠤᠰ ᠠ᠋ᠴᠠ ᠵᠥᠭᠡᠭᠡᠵᠦ ᠠᠪᠴᠢᠷᠠᠬᠤ ᠦᠭᠡᠢ ᠵᠦᠢᠯ ᠦᠭᠡᠢ ᠪᠠᠢᠵᠤ᠃ ᠮᠠᠨ ᠤ᠋ ᠴᠡᠷᠢᠭ ᠭᠠᠳᠠᠨ᠎ᠠ ᠠ᠋ᠴᠠ ᠶᠡᠬᠡ ᠴᠦ᠍ ᠶᠠᠭᠤᠮ᠎ᠠ ᠨᠠᠭᠠᠰᠢ ᠨᠢ ᠵᠥᠭᠡᠭᠡᠬᠦ ᠡᠭᠦᠳᠡ ᠬᠠᠭᠠᠯᠭ᠎ᠠ ᠶ᠋ᠢ ᠨᠡᠭᠡᠭᠡᠵᠦ ᠪᠠᠢᠵᠤ ᠳᠠ᠃ ᠮᠣᠩᠭᠣᠯ ᠬᠥᠮᠦᠨ ᠦ᠌ ᠰᠡᠳᠬᠢᠯ ᠲᠤᠩ ᠴᠦ᠍ ᠬᠥᠭᠡᠷᠦᠦ ᠪᠠᠢᠭᠰᠠᠨ ᠴᠠᠭ ᠪᠢᠵᠡ ᠭᠡᠵᠦ ᠬᠥᠭᠡᠷᠦᠯᠳᠦᠵᠦ ᠪᠠᠢᠪᠠ᠃
— ᠬᠥᠭᠡᠷᠦᠬᠦᠢ ᠳᠡ᠃ ᠴᠢ ᠴᠠᠭᠠᠳᠤ ᠡᠪᠦᠭᠡᠨ ᠢ᠋ᠶ᠋ᠡᠨ ᠬᠠᠷᠠᠭᠠᠴᠢ! ᠬᠤᠳᠠᠯᠳᠤᠵᠤ ᠰᠠᠭᠤᠭ᠎ᠠ ᠶᠠᠭᠤᠮ᠎ᠠ ᠨᠢ ᠲᠡᠷᠡ᠃ ᠠ᠋ ᠴᠠᠪᠠᠰᠤ ᠳᠠ ᠵᠠᠢᠯᠠᠭᠤᠯ ᠭᠡᠵᠦ ᠮᠣᠷᠢᠨᠱᠠᠭᠠᠢ ᠶ᠋ᠢ ᠬᠡᠯᠡᠬᠦ ᠪᠡᠷ ᠨᠢ ᠪᠢᠯᠢᠭᠦᠨ ᠬᠠᠷᠠᠪᠠᠯ ᠬᠥᠳᠥᠰᠥᠨ ᠳᠡᠪᠡᠯ ᠨᠢ ᠨᠣᠷᠴᠢᠬᠠᠭᠰᠠᠨ ᠨᠢᠭᠡ ᠲᠠᠶᠠᠭ ᠲᠠᠢ ᠡᠪᠦᠭᠡᠨ ᠬᠣᠷᠴᠢᠢᠲᠠᠯᠠ ᠪᠠᠨ ᠬᠠᠲᠠᠭᠰᠠᠨ ᠢᠰᠢᠭᠡᠨ ᠦ᠌ ᠬᠣᠶᠠᠷ ᠠᠷᠠᠰᠤ ᠪᠠᠷᠢᠭᠠᠳ᠂ ᠲᠡᠭᠦᠨ ᠢ᠋ ᠪᠡᠨ ᠳᠡᠯᠭᠡᠭᠰᠡᠨ ᠰᠢᠦ ᠪᠣᠯᠵᠤ ᠬᠠᠷᠠᠭᠤᠯᠤᠨ᠄
— ᠡᠭᠦᠨ ᠢ᠋ ᠠᠪᠤᠭᠠᠴᠢ! ᠪᠢ ᠴᠢᠮᠬᠢ ᠪᠤᠳᠠᠭ᠎ᠠ ᠣᠯᠵᠤ ᠢᠳᠡᠶ᠎ᠡ᠃ ᠡᠢᠮᠦ ᠠᠷᠠᠰᠤ ᠶ᠋ᠢ ᠡᠯᠳᠡᠭᠡᠳ ᠪᠠᠷᠢᠭᠤᠪᠴᠢ ᠬᠢᠪᠡᠯ ᠬᠡᠦᠬᠡᠳ ᠦ᠋ᠨ ᠪᠡᠶ᠎ᠡ ᠳ᠋ᠦ᠍ ᠵᠥᠭᠡᠯᠡᠨ ᠰᠢᠦ ᠭᠡᠵᠦ ᠰᠥᠭᠡᠩᠭᠢ ᠬᠣᠭᠣᠯᠠᠢ ᠪᠠᠷ ᠥᠭᠡᠯᠡᠨ ᠬᠡᠯᠲᠦᠷᠢᠵᠦ ᠶᠠᠪᠤᠪᠠ᠃ ᠪᠢᠯᠢᠭᠦᠨ ᠡᠪᠦᠭᠡᠨ ᠢ᠋ ᠬᠠᠷᠠᠭᠠᠳ ᠤᠷᠲᠤ ᠪᠠᠷ ᠠᠮᠢᠰᠬᠤᠭᠠᠯᠠᠨ᠄
— ᠡᠵᠡᠨ ᠪᠣᠭᠳᠠ ᠶ᠋ᠢᠨ ᠬᠤᠷᠢᠶᠠᠭᠰᠠᠨ ᠪᠤᠶᠠᠨ ᠢ᠋ ᠬᠤᠪᠢᠯᠠᠢ ᠰᠡᠭᠰᠦᠷᠦᠨ ᠬᠠᠶᠠᠭᠰᠠᠨ ᠨᠢ ᠡᠨᠡ ᠪᠢᠵᠡ ᠳᠡ ᠭᠡᠵᠦ ᠬᠡᠯᠡᠯ᠎ᠡ᠃ ᠦᠨᠡᠨ ᠳ᠋ᠦ᠍ ᠪᠡᠨ ᠬᠤᠪᠢᠯᠠᠢ ᠠᠷᠢᠬᠪᠦ᠋ᠬᠡ ᠶ᠋ᠢ ᠡᠮᠦᠨ᠎ᠡ ᠪᠡᠨ ᠰᠥᠬᠥᠷᠡᠭᠦᠯᠬᠦ ᠶ᠋ᠢᠨ ᠲᠤᠯᠠᠳᠠ ᠴᠡᠭᠡᠷ ᠬᠦᠷᠦᠮᠡᠷ ᠶᠠᠪᠤᠭᠤᠯᠭ᠎ᠠ ᠨᠤᠭᠤᠳ ᠢ᠋ ᠬᠢᠵᠦ ᠪᠠᠢᠭ᠎ᠠ ᠠᠵᠢ᠃
ᠬᠤᠪᠢᠯᠠᠢ ᠪᠠᠷᠠᠭᠤᠨ ᠳᠤᠮᠳᠠᠳᠤ ᠣᠷᠣᠨ᠂ ᠢᠷᠡᠨ᠂ ᠫᠧᠷᠰ᠂ ᠠᠯᠲᠠᠨ ᠣᠷᠳᠣᠨ ᠤ᠋ ᠤᠯᠤᠰ᠂ ᠬᠦᠯᠡᠬᠦ ᠶ᠋ᠢᠨ ᠤᠯᠤᠰ᠂ ᠡᠮᠦᠨᠡᠲᠦ ᠳᠠᠯᠠᠢ ᠶ᠋ᠢᠨ ᠣᠷᠣᠨ ᠨᠤᠭᠤᠳ ᠲᠤ ᠡᠯᠴᠢ ᠵᠠᠷᠤᠵᠤ《᠁ ᠮᠣᠩᠭᠣᠯ ᠤᠯᠤᠰ ᠤ᠋ᠨ ᠶᠡᠬᠡ ᠬᠠᠭᠠᠨ ᠮᠢᠨᠦ ᠵᠠᠷᠯᠢᠭ ᠲᠤᠰᠢᠶᠠᠯ ᠢ᠋ ᠴᠢᠩᠳᠠᠯᠠᠨ ᠳᠠᠭᠠᠵᠤ ᠪᠡᠶᠡᠯᠡᠭᠦᠯᠬᠦ ᠶᠣᠰᠣᠲᠠᠢ᠃ ᠲᠩᠷᠢ ᠶ᠋ᠢᠨ ᠠᠪᠤᠷᠠᠯ ᠢ᠋ᠶ᠋ᠠᠷ ᠮᠢᠨᠦ ᠭᠠᠷ ᠲᠤ ᠴᠡᠷᠢᠭ ᠦ᠋ᠨ ᠶᠡᠬᠡ ᠬᠦᠴᠦᠨ ᠬᠤᠷᠠᠯᠳᠤᠵᠠᠢ᠃ ᠥᠪᠡᠷ ᠢ᠋ ᠪᠡᠨ ᠬᠠᠭᠠᠨ ᠪᠣᠯᠭᠠᠭᠰᠠᠨ ᠠᠷᠢᠬᠪᠦ᠋ᠬᠡ ᠨᠠᠳᠠᠳᠤ ᠢᠯᠠᠭᠳᠠᠨ᠂ ᠳᠠᠬᠢᠨ ᠥᠨᠳᠡᠢᠵᠦ ᠴᠢᠳᠠᠬᠤ ᠦᠭᠡᠢ ᠪᠣᠯᠲᠠᠯ᠎ᠠ ᠪᠠᠨ ᠰᠢᠷᠭᠤᠴᠢᠨ ᠤᠨᠠᠪᠠ᠃ ᠤᠯᠤᠰ ᠤ᠋ᠨ ᠨᠡᠢᠰᠯᠡᠯ ᠱᠠᠩᠳᠤ ᠳ᠋ᠤ᠌ ᠪᠠᠢᠭ᠎ᠠ ᠲᠤᠯᠠ ᠬᠠᠷ᠎ᠠ ᠬᠣᠷᠣᠮ ᠲᠠᠢ ᠠᠯᠪᠠᠨ ᠬᠠᠷᠢᠯᠴᠠᠭ᠎ᠠ ᠪᠠᠢᠬᠤ ᠤᠴᠢᠷ ᠦᠭᠡᠢ᠁》 ᠭᠡᠵᠦ ᠮᠡᠳᠡᠭᠳᠡᠭᠡᠳ᠂ ᠨᠡᠢᠰᠯᠡᠯ ᠢ᠋ ᠬᠠᠭᠠᠨ ᠪᠣᠭᠣᠭᠳᠠᠭᠤᠯᠬᠤ ᠠᠷᠭ᠎ᠠ ᠪᠠᠨ ᠬᠦᠴᠦᠲᠡᠢ ᠪᠣᠯᠭᠠᠭᠰᠠᠨ ᠪᠠᠢᠨ᠎ᠠ᠃
ᠠᠷᠢᠬᠪᠦ᠋ᠬᠡ ᠴᠦ᠍ ᠪᠠᠰᠠ ᠳᠠᠭᠤ ᠦᠭᠡᠢ ᠰᠠᠭᠤᠭᠰᠠᠨ ᠦᠭᠡᠢ᠃ ᠲᠡᠷᠡ ᠪᠡᠷ ᠥᠭᠦᠯᠡᠨ ᠪᠣᠢ ᠤᠯᠤᠰ ᠠᠢᠮᠠᠭ ᠤ᠋ᠳ ᠤ᠋ᠨ ᠬᠠᠨ᠂ ᠨᠣᠶᠠᠳ᠂ ᠵᠠᠬᠢᠷᠤᠭᠴᠢ ᠨᠠᠷ ᠲᠤ ᠬᠠᠨᠳᠤᠵᠤ ᠪᠠᠰᠠ ᠡᠯᠴᠢ ᠵᠠᠷᠤᠭᠰᠠᠨ ᠪᠢᠴᠢᠭ ᠢᠯᠡᠭᠡᠬᠦ ᠳ᠋ᠦ᠍ ᠪᠡᠨ《᠁ ᠬᠤᠪᠢᠯᠠᠢ᠂ ᠪᠣᠭᠳᠠ ᠡᠪᠦᠭᠡ ᠶ᠋ᠢᠨ ᠰᠠᠭᠤᠷᠢᠯᠠᠭᠤᠯᠵᠤ ᠲᠠᠯᠪᠢᠭᠰᠠᠨ ᠲᠤᠯᠭ᠎ᠠ ᠶ᠋ᠢᠨ ᠴᠢᠯᠠᠭᠤ ᠶ᠋ᠢ ᠢᠰᠬᠦᠯᠦᠨ ᠬᠠᠶᠠᠵᠤ᠂ ᠲᠣᠭᠣᠭ᠎ᠠ ᠶ᠋ᠢ ᠬᠥᠮᠥᠷᠢᠬᠦ ᠶ᠋ᠢ ᠬᠢᠴᠢᠶᠡᠨ ᠲᠦᠢᠪᠡᠷᠭᠡᠵᠦ ᠪᠠᠢᠨ᠎ᠠ᠃ ᠥᠴᠦᠬᠡᠨ ᠪᠢ ᠪᠡᠷ ᠲᠩᠷᠢ ᠡᠴᠡ ᠵᠠᠶᠠᠭᠠᠭᠳᠠᠭᠰᠠᠨ ᠶᠡᠬᠡ ᠤᠷᠤᠭ ᠤ᠋ᠨ ᠠᠷᠢᠭᠤᠨ ᠭᠣᠯᠣᠮᠲᠠ ᠶ᠋ᠢ ᠰᠠᠬᠢᠨ ᠬᠠᠮᠠᠭᠠᠯᠠᠬᠤ ᠰᠠᠨᠠᠭ᠎ᠠ ᠪᠠᠷ ᠲᠡᠮᠡᠴᠡᠯᠳᠦᠵᠦ ᠪᠠᠢᠭ᠎ᠠ ᠪᠣᠯᠪᠠᠴᠤ ᠲᠠ ᠪᠦᠬᠦᠨ ᠦ᠌ ᠳᠡᠮᠵᠢᠯᠭᠡ ᠶ᠋ᠢ ᠡᠰᠡ ᠬᠦᠯᠢᠶᠡᠭᠰᠡᠨ ᠤᠴᠢᠷ ᠬᠦᠴᠦᠨ ᠮᠡᠬᠦᠰᠳᠡᠵᠦ ᠲᠡᠩᠬᠡᠭᠡ ᠪᠠᠷᠠᠭᠳᠠᠨ ᠶᠠᠪᠤᠨ᠎ᠠ᠃ ᠨᠡᠢᠰᠯᠡᠯ ᠦ᠋ᠨ ᠲᠥᠪ ᠲᠦ᠍ ᠰᠦᠨᠳᠡᠷᠯᠡᠵᠦ ᠪᠠᠢᠭ᠎ᠠ ᠮᠥᠩᠭᠥᠨ ᠮᠣᠳᠣ ᠶ᠋ᠢ ᠭᠠᠵᠠᠷ ᠲᠤ ᠣᠩᠬᠣᠯᠢᠳᠤᠭᠤᠯᠬᠤ ᠦᠭᠡᠢ ᠶ᠋ᠢᠨ ᠲᠤᠯᠠᠳᠠ ᠲᠦᠰᠢᠬᠦ ᠰᠠᠨᠠᠭᠠᠲᠠᠢ ᠤᠷᠤᠯᠳᠤᠵᠤ ᠪᠠᠢᠭ᠎ᠠ ᠪᠣᠯᠪᠠᠴᠤ ᠬᠦᠴᠦ ᠲᠠᠮᠢᠷ ᠬᠦᠷᠬᠦ ᠦᠭᠡᠢ ᠪᠠᠢᠳᠠᠯ ᠲᠠᠢ ᠪᠣᠯᠵᠤ ᠢᠷᠡᠯ᠎ᠡ᠃ ᠡᠢᠮᠦ ᠳ᠋ᠦ᠍ ᠡᠷᠬᠢᠮ ᠳᠡᠭᠡᠳᠦ ᠨᠣᠶᠠᠨ ᠲᠠ ᠮᠡᠷᠭᠡᠨ ᠮᠡᠷᠭᠡᠨ ᠣᠶᠤᠨ ᠳ᠋ᠤ᠌ ᠪᠠᠨ ᠤᠯᠤᠰ ᠭᠦᠷᠦᠨ ᠦ᠌ ᠪᠠᠢᠳᠠᠯ ᠢ᠋ ᠲᠤᠩᠭᠠᠭᠠᠨ ᠪᠣᠯᠭᠣᠭᠠᠵᠤ᠂ ᠲᠤᠯᠭ᠎ᠠ ᠶ᠋ᠢᠨ ᠴᠢᠯᠠᠭᠤ ᠶ᠋ᠢ ᠬᠢᠲᠠᠳ ᠤᠷᠤᠭᠤ ᠵᠥᠭᠡᠭᠡᠵᠦ ᠪᠠᠢᠭ᠎ᠠ ᠬᠤᠪᠢᠯᠠᠢ ᠶ᠋ᠢᠨ ᠲᠡᠷᠡ ᠤᠬᠠᠭᠠᠨ ᠦᠭᠡᠢ ᠪᠣᠳᠣᠯᠭ᠎ᠠ ᠶ᠋ᠢ ᠲᠠᠰᠤᠯᠤᠨ ᠵᠣᠭᠰᠣᠭᠠᠬᠤ ᠬᠡᠷᠡᠭ ᠲᠦ᠍ ᠲᠥᠷᠥ ᠶ᠋ᠢᠨ ᠶᠣᠰᠣᠨ ᠤ᠋ ᠪᠣᠯᠤᠨ ᠵᠠᠷ ᠵᠡᠪᠰᠡᠭ ᠦ᠋ᠨ ᠲᠠᠯ᠎ᠠ ᠪᠠᠷ ᠮᠡᠬᠦᠰ ᠨᠠᠳᠠᠳᠤ ᠲᠤᠰᠠᠯᠠᠬᠤ ᠶᠣᠰᠣᠲᠠᠢ ᠪᠣᠯᠤᠯ᠎ᠠ᠃ ᠪᠣᠯᠭᠣᠭᠠᠨ ᠰᠣᠶᠣᠷᠬᠠᠬᠤ ᠠᠵᠢᠶᠠᠮᠤ!》 ᠭᠡᠵᠡᠢ᠃ ᠡᠨᠡ ᠪᠢᠴᠢᠭ ᠢ᠋ ᠡᠪᠦᠷᠯᠡᠭᠰᠡᠨ ᠵᠠᠷᠤᠭᠤᠯ ᠤ᠋ᠨ ᠲᠦᠰᠢᠮᠡᠳ ᠪᠠᠷᠠᠭᠤᠨ ᠪᠠ ᠪᠠᠷᠠᠭᠤᠨ ᠬᠣᠢᠲᠤ ᠵᠦᠭ ᠢ᠋ ᠵᠣᠷᠢᠨ ᠳᠣᠪᠲᠣᠯᠭᠠᠪᠠ᠃ ᠲᠡᠷᠡ ᠲᠦᠰᠢᠮᠡᠯ ᠦ᠋ᠨ ᠵᠠᠷᠢᠮ ᠢ᠋ ᠪᠢᠯᠢᠭᠦᠨ ᠭᠠᠵᠠᠷ ᠮᠡᠳᠡᠳᠡᠭ᠂ ᠤᠷᠢᠳ ᠶᠠᠪᠤᠵᠤ ᠪᠠᠢᠭᠰᠠᠨ ᠤ᠋ ᠬᠤᠪᠢ ᠳ᠋ᠤ᠌ ᠳᠡᠭᠡᠳᠦᠰ ᠦ᠋ᠨ ᠵᠠᠷᠯᠢᠭ ᠢ᠋ᠶ᠋ᠠᠷ ᠠᠬᠠᠯᠠᠭᠰᠠᠨ ᠪᠠᠢᠨ᠎ᠠ᠃ ᠡᠢᠨ ᠬᠦ᠌ ᠶᠡᠬᠡ ᠤᠯᠤᠰ ᠲᠤ ᠬᠠᠷᠢᠶᠠᠯᠠᠭᠳᠠᠨ ᠪᠣᠢ ᠪᠤᠰᠤᠳ ᠤᠯᠤᠰ ᠣᠷᠣᠨ ᠢ᠋ ᠬᠤᠪᠢᠯᠠᠢ᠂ ᠠᠷᠢᠬᠪᠦ᠋ᠬᠡ ᠬᠣᠶᠠᠷ ᠪᠠᠰᠠ ᠪᠤᠯᠢᠶᠠᠴᠠᠯᠳᠤᠵᠠᠢ᠃ ᠶᠡᠷᠦ ᠨᠢ ᠲᠡᠳᠡ ᠪᠠᠷᠤᠭ ᠪᠤᠯᠢᠶᠠᠴᠠᠯᠳᠤᠭᠠ ᠦᠭᠡᠢ ᠵᠦᠢᠯ ᠦᠭᠡᠢ ᠪᠣᠯᠵᠤ᠂《ᠬᠦᠢᠳᠡᠩ》 ᠯᠣᠯᠣᠢ ᠶ᠋ᠢᠨ ᠬᠠᠰᠢᠵᠤ ᠪᠣᠢ ᠡᠮᠡᠰ ᠦ᠋ᠳ ᠦ᠋ᠨ ᠬᠣᠷᠮᠣᠢ ᠶ᠋ᠢ ᠬᠡᠨ ᠨᠢ ᠤᠷᠢᠲᠠᠵᠤ ᠰᠡᠬᠦᠬᠦ ᠪᠣᠢ ᠭᠡᠵᠦ ᠠᠷᠠᠢ ᠥᠷᠢᠰᠦᠯᠳᠦᠭᠡ ᠦᠭᠡᠢ ᠪᠠᠢᠭ᠎ᠠ ᠶ᠋ᠢ ᠬᠡᠨ ᠪᠦᠬᠦᠨ ᠮᠡᠳᠡᠬᠦ ᠪᠢᠯᠡ᠃
ᠬᠤᠪᠢᠯᠠᠢ ᠬᠠᠷᠠᠬᠣᠷᠣᠮ ᠢ᠋ ᠬᠠᠭᠠᠵᠤ ᠪᠣᠭᠣᠬᠤ ᠬᠡᠷᠡᠭ ᠢ᠋ᠶ᠋ᠡᠨ ᠤᠯᠠᠮ ᠯᠠᠪᠰᠢᠷᠠᠭᠤᠯᠤᠨ᠂ ᠵᠦᠢᠯ ᠵᠦᠢᠯ ᠦ᠋ᠨ ᠶᠠᠭᠤᠮ᠎ᠠ ᠬᠢᠵᠦ ᠪᠣᠢ ᠶ᠋ᠢᠨ ᠳᠣᠲᠣᠷ᠎ᠠ ᠴᠡᠷᠢᠭ ᠢ᠋ᠶ᠋ᠡᠷ ᠬᠠᠰᠢᠬᠤ ᠨᠢᠭᠡᠨ ᠠᠷᠭ᠎ᠠ ᠶ᠋ᠢ ᠦᠢᠯᠡᠳᠪᠡ᠃ ᠲᠡᠷᠡ ᠪᠡᠷ ᠮᠣᠩᠭᠣᠯ ᠲᠦᠮᠡᠨ ᠦ᠌ ᠪᠡᠨ ᠬᠠᠷᠢᠶᠠᠯ ᠵᠦᠬᠡᠯ ᠡᠴᠡ ᠠᠶᠤᠵᠤ ᠪᠣᠯᠭᠣᠮᠵᠢᠯᠠᠬᠤ ᠳ᠋ᠤ᠌ ᠪᠠᠨ ᠨᠡᠢᠰᠯᠡᠯ ᠢ᠋ ᠳᠠᠬᠢᠨ ᠴᠡᠷᠢᠭ ᠦ᠋ᠨ ᠬᠦᠴᠦ ᠪᠡᠷ ᠳᠣᠪᠲᠣᠯᠤᠨ ᠢᠷᠡᠵᠦ ᠨᠤᠷᠠᠭᠠᠭᠠ ᠦᠭᠡᠢ ᠪᠣᠯᠪᠠᠴᠤ ᠨᠤᠷᠠᠭᠠᠵᠤ ᠪᠠᠭᠤᠯᠭᠠᠬᠤ ᠬᠡᠷᠡᠭ ᠢ᠋ᠶ᠋ᠡᠨ ᠨᠢᠳᠦᠨ ᠡᠴᠡ ᠳᠠᠯᠳᠠᠭᠤᠷ ᠬᠢᠵᠦ ᠪᠠᠢᠯ᠎ᠠ᠃ ᠲᠡᠭᠦᠨ ᠦ᠌ ᠨᠢᠭᠡ ᠲᠣᠮᠣ ᠬᠡᠷᠡᠭ ᠨᠢ ᠬᠠᠷᠠᠬᠤᠷᠤᠮ ᠳ᠋ᠤ᠌ ᠡᠳ᠋ ᠪᠠᠷᠠᠭ᠎ᠠ᠂ ᠢᠳᠡᠵᠦ ᠤᠤᠭᠤᠬᠤ᠂ ᠡᠮᠦᠰᠴᠦ ᠵᠡᠭᠦᠬᠦ ᠠᠯᠢ ᠶ᠋ᠢ ᠴᠦ᠍ ᠭᠠᠳᠠᠨ᠎ᠠ ᠠ᠋ᠴᠠ ᠣᠷᠣᠭᠤᠯᠬᠤ ᠦᠭᠡᠢ ᠪᠠᠢᠬᠤ ᠶ᠋ᠢᠨ ᠲᠤᠯᠠᠳᠠ ᠶᠡᠬᠡ ᠠᠯᠤᠰ ᠢ᠋ᠶ᠋ᠠᠷ ᠬᠠᠭᠠᠯᠲᠠ ᠪᠠᠢᠭᠤᠯᠤᠨ᠂《ᠪᠢ ᠠᠷᠢᠬᠪᠦ᠋ᠬᠡ ᠶ᠋ᠢ ᠥᠯᠥᠰᠬᠦᠯᠡᠩ ᠢ᠋ᠶ᠋ᠡᠷ ᠪᠠᠭᠤᠯᠭᠠᠨ ᠠᠪᠴᠤ ᠳᠥᠩᠭᠡᠬᠦ ᠪᠠᠢᠯ ᠦᠭᠡᠢ ᠳᠡ᠃ ᠲᠡᠷᠡ ᠬᠥᠮᠦᠨ ᠣᠮᠣᠭᠯᠠᠩ ᠴᠦ᠍ ᠭᠡᠰᠡᠨ ᠭᠡᠳᠡᠰᠦ ᠪᠡᠨ ᠬᠣᠩᠬᠣᠯᠵᠠᠬᠤ ᠪᠠᠷ ᠥᠪᠡᠷ ᠢ᠋ᠶ᠋ᠡᠨ ᠠᠶᠠᠨᠳᠠᠭᠠᠨ ᠴᠠᠭᠠᠨ ᠪᠤᠳᠠᠭ᠎ᠠ ᠭᠤᠶᠤᠭᠠᠳ ᠢᠷᠡᠬᠦ ᠪᠢᠵᠡ》 ᠭᠡᠵᠦ ᠬᠡᠯᠡᠭᠡᠳ᠂ ᠠᠯᠲᠠᠢ ᠶ᠋ᠢᠨ ᠶᠡᠬᠡ ᠠᠭᠤᠯᠠᠰ ᠤ᠋ᠨ ᠪᠠᠷᠠᠭᠤᠨ ᠬᠥᠨᠳᠡᠢ᠂ ᠠᠯᠠᠱᠠ ᠪᠣᠭᠳᠠ ᠠᠭᠤᠯᠠ ᠶ᠋ᠢᠨ ᠥᠪᠥᠷ᠂ ᠶᠡᠬᠡ ᠪᠣᠭᠳᠠ ᠶ᠋ᠢᠨ ᠪᠠᠷᠠᠭᠤᠨ᠂ ᠵᠡᠭᠦᠨ ᠦᠵᠦᠭᠦᠷ᠂ ᠡᠷᠢᠶᠡᠨ ᠣᠪᠣᠭᠠᠲᠤ᠂ ᠬᠠᠲᠤᠨ ᠤ᠋ ᠭᠣᠣᠯ ᠤ᠋ᠨ ᠭᠠᠷᠠᠮ ᠤ᠋ᠳ᠂ ᠬᠢᠩᠭᠠᠨ ᠤ᠋ ᠠᠭᠤᠯᠠ ᠶ᠋ᠢᠨ ᠪᠠᠷᠠᠭᠤᠨ ᠰᠤᠭᠤ ᠵᠡᠷᠭᠡ ᠭᠠᠵᠠᠷ ᠲᠤ ᠮᠣᠩᠭᠣᠯ ᠳᠠᠭᠠᠭᠠᠮᠠᠯ ᠲᠠᠢ ᠬᠢᠲᠠᠳ ᠴᠡᠷᠢᠭ ᠦ᠋ᠨ ᠠᠩᠭᠢ ᠨᠤᠭᠤᠳ ᠢ᠋ ᠰᠠᠭᠤᠯᠭᠠᠨ᠂ ᠬᠠᠷ᠎ᠠ ᠬᠣᠷᠣᠮ ᠤ᠋ᠨ ᠵᠦᠭ ᠴᠤᠪᠤᠳᠠᠭ ᠵᠢᠩ ᠦ᠋ᠨ ᠴᠤᠪᠤᠭ᠎ᠠ ᠶ᠋ᠢ ᠳᠠᠰᠤᠯ᠃ ᠲᠡᠷᠡ ᠵᠦᠭ ᠪᠣᠯᠳᠠᠭ ᠰᠠᠨ ᠪᠣᠯ ᠭᠠᠳᠠᠨ᠎ᠠ ᠠ᠋ᠴᠠ ᠰᠢᠪᠠᠭᠤ ᠴᠦ᠍ ᠨᠢᠰᠬᠡᠬᠦ ᠦᠭᠡᠢ ᠪᠠᠢᠬᠤ ᠬᠡᠷᠡᠭᠲᠡᠢ ᠭᠡᠵᠦ ᠴᠢᠩᠭᠠᠯᠠᠨ ᠲᠤᠰᠢᠶᠠᠵᠠᠢ᠃ ᠡᠨᠡ ᠬᠡᠷᠡᠭ ᠢ᠋ ᠬᠤᠪᠢᠯᠠᠢ ᠶ᠋ᠢᠨ ᠳᠡᠷᠭᠡᠳᠡ ᠪᠠᠢᠳᠠᠭ ᠬᠣᠣ ᠵᠢᠩ᠂ ᠨᠠᠢ ᠶᠤᠸᠠᠨ᠂ ᠯᠢᠦ ᠪᠢᠩ ᠵᠦᠩ᠂ ᠶᠣᠣ ᠱᠤ᠌ ᠵᠡᠷᠭᠡ ᠲᠦᠰᠢᠮᠡᠳ ᠰᠠᠨᠠᠯ ᠣᠷᠣᠭᠤᠯᠤᠨ᠂ ᠡᠵᠡᠨ ᠡᠴᠡ ᠪᠡᠨ《ᠮᠡᠷᠭᠡᠨ ᠠᠷᠭ᠎ᠠ ᠭᠠᠷᠭᠠᠯ᠎ᠠ》 ᠭᠡᠮᠡᠨ ᠬᠥᠭᠡᠷᠭᠡᠳᠡᠭᠦᠯᠵᠡᠢ᠃
ᠦᠰᠦᠭ ᠠᠮᠢᠯᠠᠭᠤᠯᠤᠭᠰᠠᠨ ᠨᠢ᠄ ᠳᠠᠪᠰᠢᠯᠲᠦ᠂ ᠭᠠᠷᠮ᠎ᠠ
