ᠮᠢᠨᠦ ᠨᠤᠲᠤᠭ ᠪᠣᠷᠣᠲᠠᠯ᠎ᠠ - ᠠᠯᠲᠠᠨᠪᠦ᠋ᠷᠭᠦᠳМиний нутаг бордлоо-алтанбүргэд
ᠮᠢᠨᠦ ᠨᠤᠲᠤᠭ ᠪᠣᠷᠣᠲᠠᠯ᠎ᠠ
ᠦᠭᠡ᠄ ᠰᠠᠷᠠᠭᠤᠯᠰᠠᠢᠬᠠᠨ
ᠠᠶ᠎ᠠ᠄ ᠤᠯᠠᠭᠠᠨᠪᠠᠭᠠᠲᠤᠷ
ᠳᠠᠭᠤᠴᠢᠨ᠄ ᠠᠯᠲᠠᠨᠪᠦ᠋ᠷᠭᠦᠳ
ᠭᠦᠨ ᠴᠡᠩᠬᠡᠷ ᠰᠠᠢᠷᠠᠮ ᠤ᠋ᠨ ᠨᠠᠭᠤᠷ ᠲᠠᠢ
ᠮᠥᠩᠬᠡ ᠴᠡᠩᠭᠡᠭ ᠷᠠᠰᠢᠶᠠᠨ ᠭᠣᠣᠯ ᠲᠠᠢ
ᠥᠨᠢ ᠡᠷᠲᠡᠨ ᠦ᠌ ᠲᠡᠦᠬᠡ ᠲᠡᠢ
ᠣᠲᠣᠭ ᠰᠠᠢᠷ ᠠᠭᠤᠯᠠ ᠲᠠᠢ
ᠥᠷᠭᠡᠨ ᠳᠡᠯᠭᠡᠷ ᠮᠡᠯᠴᠡᠭ ᠦ᠋ᠨ ᠲᠠᠯ᠎ᠠ ᠲᠠᠢ
ᠬᠦᠴᠦᠲᠦ ᠰᠠᠯᠬᠢᠨ ᠠᠭᠯᠠᠭ ᠠᠭᠤᠯᠠ ᠲᠠᠢ
ᠲᠡᠨᠢᠭᠦᠨ ᠠᠭᠤᠳᠠᠮ ᠵᠢᠩ ᠦ᠋ᠨ ᠲᠠᠯ᠎ᠠ ᠲᠠᠢ
ᠦᠶ᠎ᠡ ᠦᠶ᠎ᠡ ᠶ᠋ᠢᠨ ᠲᠡᠦᠬᠡ ᠡᠴᠡ ᠥᠪᠯᠡᠭᠦᠯᠦᠨ ᠦᠯᠡᠳᠡᠭᠡᠭᠰᠡᠨ
ᠥᠨᠢᠷ ᠪᠠᠶᠠᠨ ᠮᠢᠨᠦ ᠪᠣᠷᠣᠲᠠᠯ᠎ᠠ ᠠ᠋
ᠪᠣᠷᠣᠲᠠᠯ᠎ᠠ ᠮᠢᠨᠢ ᠮᠢᠨᠦ ᠨᠤᠲᠤᠭ ᠠ᠋
ᠪᠣᠳᠣᠯ ᠡᠴᠡ ᠰᠠᠯᠬᠤ ᠦᠭᠡᠢ ᠬᠦᠰᠡᠯ ᠦ᠋ᠨ ᠣᠷᠣᠨ
ᠵᠡᠭᠦᠳᠦ ᠪᠡᠷ ᠢ᠋ᠶ᠋ᠡᠨ ᠮᠥᠷᠥᠭᠡᠳᠴᠦ ᠡᠯᠢᠭᠡᠨ ᠳ᠋ᠡᠭᠡᠨ ᠰᠠᠨᠠᠳᠠᠭ
ᠵᠢᠷᠦᠬᠡᠨ ᠡᠴᠡ ᠬᠠᠢᠷᠠᠲᠠᠢ ᠮᠢᠨᠦ ᠨᠤᠲᠤᠭ ᠠ᠋᠃
ᠲᠥᠷᠥᠵᠦ ᠥᠰᠦᠭᠰᠡᠨ ᠥᠯᠥᠭᠡᠢ ᠨᠤᠲᠤᠭ ᠠ᠋
ᠲᠦᠮᠡᠨ ᠦᠶ᠎ᠡ ᠳ᠋ᠡᠭᠡᠨ ᠴᠦ᠍ ᠬᠠᠢᠷᠠᠯᠠᠵᠤ ᠶᠠᠪᠤᠶ᠎ᠠ ᠳᠠ
ᠡᠪᠦᠭᠡᠳ ᠦ᠋ᠨ ᠮᠢᠨᠢ ᠰᠢᠲᠦᠭᠡᠨ ᠲᠡᠢ
ᠡᠷᠬᠢᠮ ᠨᠤᠲᠤᠭ ᠢ᠋ᠶ᠋ᠠᠨ ᠳᠡᠭᠡᠳᠦᠯᠡᠨ
ᠰᠡᠳᠬᠢᠯ ᠦ᠋ᠨ ᠢᠷᠦᠭᠡᠯ ᠢ᠋ᠶ᠋ᠡᠨ ᠮᠠᠭᠲᠠᠨ ᠳᠠᠭᠤᠯᠠᠶ᠎ᠠ
ᠪᠣᠷᠣᠲᠠᠯ᠎ᠠ ᠮᠢᠨᠢ ᠮᠢᠨᠦ ᠨᠤᠲᠤᠭ ᠠ᠋
ᠪᠣᠳᠣᠯ ᠡᠴᠡ ᠰᠠᠯᠬᠤ ᠦᠭᠡᠢ ᠬᠦᠰᠡᠯ ᠦ᠋ᠨ ᠣᠷᠣᠨ᠃
ᠵᠡᠭᠦᠳᠦ ᠪᠡᠷ ᠢ᠋ᠶ᠋ᠡᠨ ᠮᠥᠷᠥᠭᠡᠳᠴᠦ ᠡᠯᠢᠭᠡᠨ ᠳ᠋ᠡᠭᠡᠨ ᠰᠠᠨᠠᠳᠠᠭ
ᠵᠢᠷᠦᠬᠡᠨ ᠡᠴᠡ ᠬᠠᠢᠷᠠᠲᠠᠢ ᠮᠢᠨᠦ ᠨᠤᠲᠤᠭ ᠠ᠋
ᠪᠣᠷᠣᠲᠠᠯ᠎ᠠ ᠮᠢᠨᠢ ᠮᠢᠨᠦ ᠨᠤᠲᠤᠭ ᠠ᠋
ᠪᠣᠳᠣᠯ ᠡᠴᠡ ᠰᠠᠯᠬᠤ ᠦᠭᠡᠢ ᠬᠦᠰᠡᠯ ᠦ᠋ᠨ ᠣᠷᠣᠨ
ᠵᠡᠭᠦᠳᠦ ᠪᠡᠷ ᠢ᠋ᠶ᠋ᠡᠨ ᠮᠥᠷᠥᠭᠡᠳᠴᠦ ᠡᠯᠢᠭᠡᠨ ᠳ᠋ᠡᠭᠡᠨ ᠰᠠᠨᠠᠳᠠᠭ
ᠵᠢᠷᠦᠬᠡᠨ ᠡᠴᠡ ᠬᠠᠢᠷᠠᠲᠠᠢ ᠮᠢᠨᠦ ᠨᠤᠲᠤᠭ ᠠ᠋
ᠵᠢᠷᠦᠬᠡᠨ ᠡᠴᠡ ᠬᠠᠢᠷᠠᠲᠠᠢ ᠮᠢᠨᠦ ᠨᠤᠲᠤᠭ ᠠ᠋
ᠣ᠁ ᠣ᠁ ᠣ᠁
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
