ᠴᠢᠩᠭᠢᠰ ᠦᠨ ᠮᠣᠩᠭᠣᠯ ᠳᠠᠭᠤᠯᠠᠵᠤ ᠪᠠᠢᠨ᠎ᠠЧингис үн монгол дуулж баянэ
ᠴᠢᠩᠭᠢᠰ ᠦᠨ ᠮᠣᠩᠭᠣᠯ ᠳᠠᠭᠤᠯᠠᠵᠤ ᠪᠠᠢᠨ᠎ᠠ
ᠪᠠᠭᠰᠢ ᠠ᠋ ᠶᠠᠭᠠᠬᠢᠭᠠᠳ ᠲᠠᠩᠳᠠ ᠪᠠᠨ ᠴᠢᠩᠭᠢᠰ ᠦ᠋ᠨ ᠮᠣᠩᠭᠣᠯ ᠭᠡᠵᠦ ᠶᠠᠷᠢᠳᠠᠭ ᠶᠤᠮ ᠪᠣᠢ?
ᠶᠡᠬᠡ ᠮᠣᠩᠭᠣᠯ ᠤᠯᠤᠰ ᠢ᠋ ᠴᠢᠩᠭᠢᠰ ᠬᠠᠭᠠᠨ ᠪᠠᠢᠭᠤᠯᠤᠭᠰᠠᠨ ᠪᠣᠯᠬᠣᠷ ᠲᠡᠭᠡᠭᠡᠳ ᠲᠡᠷᠡ ᠪᠦᠭᠦᠳᠡ ᠶ᠋ᠢ ᠨᠢ ᠳᠡᠯᠡᠬᠡᠢ ᠳᠠᠶᠠᠭᠠᠷ ᠮᠡᠳᠡᠳᠡᠭ ᠪᠣᠯᠬᠣᠷ ᠴᠢᠩᠭᠢᠰ ᠦ᠋ᠨ ᠮᠣᠩᠭᠣᠯ ᠭᠡᠵᠦ ᠨᠡᠷᠡᠯᠡᠳᠡᠭ ᠪᠠᠢᠬᠤ ᠦᠭᠡᠢ ᠤᠤ ᠂ ᠬᠡᠦᠬᠡᠳ ᠦ᠋ᠳ ᠠ᠋! ᠪᠦᠭᠦᠳᠡᠭᠡᠷ ᠢ᠋ᠶ᠋ᠡᠨ 《ᠴᠢᠩᠭᠢᠰ ᠦ᠋ᠨ ᠮᠣᠩᠭᠣᠯ ᠳᠠᠭᠤᠯᠠᠵᠤ ᠪᠠᠢᠨ᠎ᠠ 》 ᠭᠡᠳᠡᠭ ᠳᠠᠭᠤᠤ ᠪᠠᠨ ᠳᠠᠭᠤᠯᠠᠵᠠᠭᠠᠶ᠎ᠠ ᠲᠡᠭᠡᠬᠦ ᠤᠤ ᠂ ᠬᠡᠦᠬᠡᠳ ᠦ᠋ᠳ ᠠ᠋! ᠵᠠ ᠂ ᠲᠡᠭᠡᠶ᠎ᠡ!
ᠤᠭᠤᠷᠠᠭ ᠲᠠᠷᠢᠬᠢ ᠨᠢ ᠣᠷᠴᠢᠯᠠᠩ ᠠᠳᠠᠯᠢ ᠨᠥᠭᠡᠴᠡ ᠲᠡᠢ ᠂
ᠤᠬᠠᠭᠠᠨ ᠪᠣᠳᠣᠯ ᠨᠢ ᠰᠠᠨᠠᠭᠠᠨ ᠳ᠋ᠤ᠌ ᠪᠠᠭᠲᠠᠮ᠎ᠠ ᠦᠭᠡᠢ ᠬᠣᠯᠢᠴᠠ ᠲᠠᠢ ᠂
ᠶᠠᠰᠤ ᠪᠠᠨ ᠬᠡᠮᠬᠡᠴᠢᠭᠦᠯᠪᠡᠴᠦ ᠰᠡᠳᠬᠢᠯ ᠢ᠋ᠶ᠋ᠡᠨ ᠬᠡᠮᠬᠡᠴᠢᠭᠦᠯᠦᠭᠡ ᠦᠭᠡᠢ ᠂
ᠢᠷᠠᠭᠤᠬᠠᠨ ᠠᠷᠠᠳ ᠲᠦᠮᠡᠨ ᠮᠢᠨᠢ ᠂
ᠦᠬᠦᠵᠦ ᠪᠠᠢᠪᠠᠴᠤ ᠦᠨᠡᠨ ᠡᠴᠡ ᠨᠢᠴᠤᠭᠠ ᠦᠭᠡᠢ ᠂
ᠡᠪᠦᠭᠡ ᠳᠡᠭᠡᠳᠦᠰ ᠮᠢᠨᠢ ᠴᠢᠩᠭᠢᠰ ᠦ᠋ᠨ ᠮᠣᠩᠭᠣᠯ ᠤ᠋ᠨ ᠬᠢ ᠂
ᠮᠣᠷᠢᠨ ᠬᠤᠭᠤᠷ ᠤ᠋ᠨ ᠠᠶᠠᠯᠭᠤ ᠶᠠᠮᠠᠷ ᠭᠣᠶᠣ ᠶ᠋ᠢ ᠴᠢᠩᠨᠠᠭᠠᠷᠠᠢ ᠴᠢᠩᠨᠠᠭᠠᠷᠠᠢ ᠂
ᠮᠣᠷᠢᠲᠠᠨ ᠠᠷᠠᠳ ᠤ᠋ᠨ ᠠᠶ᠎ᠠ ᠳᠠᠭᠤᠤ ᠶᠠᠮᠠᠷ ᠰᠠᠢᠬᠠᠨ ᠢ᠋ ᠭᠠᠢᠬᠠᠭᠠᠷᠠᠢ ᠭᠠᠢᠬᠠᠭᠠᠷᠠᠢ ᠂
ᠠᠢ ᠬᠦ ᠴᠢᠩ ᠰᠠᠨᠠᠭ᠎ᠠ ᠴᠢᠩ ᠵᠣᠷᠢᠭ ᠴᠢᠩ ᠰᠡᠳᠬᠢᠯ ᠂
ᠴᠢᠩᠭᠢᠰ ᠦ᠋ᠨ ᠮᠣᠩᠭᠣᠯ ᠳᠠᠭᠤᠯᠠᠵᠤ ᠪᠠᠢᠨ᠎ᠠ ᠂
ᠮᠠᠨ ᠤ᠋ ᠮᠣᠩᠭᠣᠯ ᠨᠤᠲᠤᠭ ᠶᠠᠮᠠᠷ ᠠᠭᠤᠳᠠᠮ ᠢ᠋ ᠬᠠᠷᠠᠭᠠᠷᠠᠢ ᠬᠠᠷᠠᠭᠠᠷᠠᠢ ᠂
ᠮᠠᠯᠴᠢᠨ ᠲᠦᠮᠡᠨ ᠦ᠌ ᠰᠡᠳᠬᠢᠯ ᠶᠠᠮᠠᠷ ᠠᠭᠤᠵᠢᠮ ᠢ᠋ ᠦᠵᠡᠭᠡᠷᠡᠢ ᠦᠵᠡᠭᠡᠷᠡᠢ ᠂
ᠠᠢ ᠬᠦ ᠴᠢᠩ ᠰᠠᠨᠠᠭ᠎ᠠ ᠴᠢᠩ ᠵᠣᠷᠢᠭ ᠴᠢᠩ ᠰᠡᠳᠬᠢᠯ ᠂
ᠴᠢᠩᠭᠢᠰ ᠦ᠋ᠨ ᠮᠣᠩᠭᠣᠯ ᠳᠠᠭᠤᠯᠠᠵᠤ ᠪᠠᠢᠨ᠎ᠠ ᠂
ᠬᠥᠬᠡ ᠲᠡᠭᠷᠢ ᠶ᠋ᠢᠨ ᠰᠢᠳᠢ ᠪᠡᠷ ᠣᠩᠭᠣᠳ ᠢ᠋ᠶ᠋ᠠᠨ ᠳᠠᠭᠤᠳᠠᠵᠤ ᠪᠠᠶᠠᠰᠤᠭᠠᠷᠠᠢ ᠪᠠᠶᠠᠰᠤᠭᠠᠷᠠᠢ ᠂
ᠬᠦᠯᠦᠭ ᠮᠣᠷᠢᠨ ᠤ᠋ ᠵᠣ ᠳᠡᠭᠡᠷ᠎ᠡ ᠬᠡᠢᠮᠣᠷᠢ ᠪᠠᠨ ᠪᠠᠳᠠᠷᠠᠭᠠᠵᠤ ᠠᠶᠠᠯᠠᠭᠠᠷᠠᠢ ᠠᠶᠠᠯᠠᠭᠠᠷᠠᠢ ᠂
ᠠᠢ ᠬᠦ ᠴᠢᠩ ᠰᠠᠨᠠᠭ᠎ᠠ ᠴᠢᠩ ᠵᠣᠷᠢᠭ ᠴᠢᠩ ᠰᠡᠳᠬᠢᠯ ᠂
ᠴᠢᠩᠭᠢᠰ ᠦ᠋ᠨ ᠮᠣᠩᠭᠣᠯ ᠳᠠᠭᠤᠯᠠᠵᠤ ᠪᠠᠢᠨ᠎ᠠ ᠂
ᠠᠢ ᠬᠦ ᠴᠢᠩ ᠰᠠᠨᠠᠭ᠎ᠠ ᠴᠢᠩ ᠵᠣᠷᠢᠭ ᠴᠢᠩ ᠰᠡᠳᠬᠢᠯ
